︽ᠪᠣᠯᠣᠷ ᠴᠣᠮᠣ︾ ᠶᠢᠨ ᠡᠵᠡᠨ᠂ ᠮᠣᠳᠧᠷᠨᠢᠰᠲ ᠢᠷᠠᠭᠤ ᠨᠠᠶᠢᠷᠠᠭᠴᠢ ᠪᠠᠭᠠᠲᠤᠷ ᠤᠨ ᠭᠠᠯᠰᠠᠩᠰᠦ᠋ᠬᠡ The Hu ᠬᠠᠮᠲᠤᠯᠢᠭ ᠰᠢᠭ᠋ ᠾᠦᠩᠨᠤ ᠷᠣᠺ ᠬᠠᠮᠲᠤᠯᠢᠭ ᠪᠠᠶᠢᠭᠤᠯᠬᠤ ᠪᠠᠨ ᠮᠡᠳᠡᠭᠳᠡᠭᠰᠡᠨ᠃ ᠬᠠᠮᠲᠤᠯᠢᠭ ᠢᠶᠠᠨ ︽ᠠᠲ᠋ᠢᠯᠯᠠ︾ ᠬᠡᠮᠡᠨ ᠨᠡᠷᠡᠯᠡᠨ᠎ᠡ ᠭᠡᠳᠡᠭ ᠢᠶᠡᠨ ᠴᠤ ᠵᠠᠷᠯᠠᠭᠰᠠᠨ᠃ ᠭᠡᠪᠡᠴᠦ ᠲᠡᠷᠡᠪᠡᠷ ᠰᠢᠨ᠎ᠡ ᠬᠠᠮᠲᠤᠯᠢᠭ ᠢᠶᠠᠨ ᠪᠠᠶᠢᠭᠤᠯᠬᠤ ᠪᠠᠨ ᠪᠣᠯᠢᠵᠠᠢ᠃ ᠤᠴᠢᠷ ᠢ ᠨᠢ ᠠᠰᠠᠭᠤᠪᠠᠯ᠄ ᠨᠢᠭᠡ ᠬᠠᠮᠲᠤᠯᠢᠭ ᠪᠠᠶᠢᠭᠤᠯᠬᠤ ᠭᠡᠰᠡᠨ ᠪᠢᠰᠢ ᠬᠦᠮᠦᠨ ᠠᠮᠢᠲᠠᠨ ᠳᠤ ᠡᠯᠳᠡᠪ ᠢᠶᠡᠷ ᠬᠡᠯᠡᠭᠦᠯᠦᠯ᠎ᠡ᠃ ᠬᠠᠮᠲᠤᠯᠢᠭ ᠪᠠᠶᠢᠭᠤᠯᠬᠤ ᠰᠠᠨᠠᠯ ᠢ ᠮᠠᠨᠢ ᠬᠦᠮᠦᠰ ᠳᠤᠷ᠎ᠠ ᠦᠭᠡᠶᠢᠴᠡᠨ ᠬᠦᠯᠢᠶᠡᠨ ᠠᠪᠴᠤ ᠪᠠᠶᠢᠭ᠎ᠠ ᠤᠴᠢᠷ ᠠᠴᠠ ᠪᠣᠯᠢᠭᠰᠠᠨ ᠨᠢ ᠳᠡᠭᠡᠷ᠎ᠡ ᠶᠤᠮ ᠪᠠᠶᠢᠨ᠎ᠠ ᠭᠡᠳᠡᠭ ᠢᠶᠡᠨ ᠬᠡᠯᠡᠭᠰᠡᠨ ᠶᠤᠮ᠃
ᠲᠡᠷᠡᠪᠡᠷ ᠡᠮᠦᠨ᠎ᠡ ᠨᠢ ᠬᠠᠷᠳ᠋ ᠷᠣᠺ ︽ᠨᠢᠰᠸᠠᠨᠢᠰ︾ ᠬᠠᠮᠲᠤᠯᠢᠭ ᠢ ᠡᠭᠦᠰᠬᠡᠨ ᠪᠠᠶᠢᠭᠤᠯᠤᠯᠴᠠᠵᠤ᠂ ᠮᠥᠨ ᠲ∙ ᠠᠷᠢᠭᠤᠨ᠎ᠠ ᠶᠢᠨ ︽ᠤᠲᠠᠰᠤᠨ ᠤ ᠴᠢᠨᠢ ᠳ᠋ᠤᠭᠠᠷ ᠤᠷᠤᠭᠤᠯ ᠳᠤ ᠮᠢᠨᠢ ᠪᠠᠶᠢᠳᠠᠭ︾᠂ ︽ᠬᠤᠷᠳᠤ︾ ᠬᠠᠮᠲᠤᠯᠢᠭ ᠤᠨ ᠤᠯᠠᠨ ᠳᠤ ᠬᠦᠷᠦᠭᠰᠡᠨ ᠵᠠᠷᠢᠮ ᠳᠠᠭᠤᠤ ᠶᠢ ᠨᠢ ᠵᠣᠬᠢᠶᠠᠭᠰᠠᠨ ᠨᠡᠷᠡᠲᠡᠢ ᠢᠷᠠᠭᠤ ᠨᠠᠶᠢᠷᠠᠭᠴᠢ᠃