ᠪᠦᠭᠦᠳᠡ ᠨᠠᠶᠢᠷᠠᠮᠳᠠᠬᠤ ᠰᠤᠯᠤᠩᠭᠤᠰ ᠤᠯᠤᠰ ᠤᠨ ᠭᠸᠠᠨᠵᠤ ᠬᠤᠲᠠ ᠳᠤ ᠢᠷᠡᠬᠦ 2020 ᠣᠨ ᠤ ᠬᠣᠶᠠᠳᠤᠭᠠᠷ ᠰᠠᠷ᠎ᠠ ᠶᠢᠨ 23 ᠬᠦᠷᠲᠡᠯ᠎ᠡ ᠭᠠᠷᠬᠤ ᠠᠽᠢᠶ᠎ᠠ ᠶᠢᠨ ᠮᠧᠳᠢᠶᠠ ᠠᠷᠲ ᠨᠠᠭᠠᠳᠤᠮ ᠳᠤ ᠮᠣᠩᠭᠣᠯ ᠤᠨ ᠤᠷᠠᠨ ᠪᠦᠲᠦᠭᠡᠯᠴᠢᠳ ᠰᠢᠯᠢᠳᠡᠭ ᠪᠦᠲᠦᠭᠡᠯ ᠢᠶᠡᠷ ᠢᠶᠡᠨ ᠣᠷᠣᠯᠴᠠᠵᠤ ᠪᠠᠶᠢᠨ᠎ᠠ᠃ ᠲᠤᠬᠠᠶᠢᠯᠠᠪᠠᠯ ︽ᠨᠠᠶᠢᠷᠠᠭᠴᠢ ᠶᠢᠨ ᠮᠥᠷ ᠢᠶᠡᠷ︾ ᠲᠥᠰᠥᠯ ᠦᠨ ᠪᠠᠭ ᠤᠨ ︽ᠳᠤᠷᠠᠰᠤᠮᠵᠢ ᠶᠢᠨ ᠨᠡᠭᠦᠳᠡᠯ ︾᠂ ᠱ∙ᠶᠡᠬᠡᠪᠠᠶᠠᠷ ᠤᠨ ︽ᠨᠡᠭᠦᠳᠡᠯ︾᠂ ᠰ∙ᠲᠦᠷᠦᠪᠤᠯᠤᠳ ᠂ ᠠ᠊∙ᠨᠠᠷᠠᠨᠳᠤᠯᠮᠠ ᠨᠠᠷ ᠤᠨ ︽ᠱᠠᠮᠪᠠᠯ︾ ᠪᠦᠲᠦᠭᠡᠯ ᠤᠳ ᠨᠠᠭᠠᠳᠤᠮ ᠳᠤ ᠳᠡᠯᠭᠡᠭᠳᠡᠨ ᠣᠯᠠᠨ ᠤ ᠮᠡᠯᠮᠡᠢ ᠶᠢ ᠮᠢᠯᠢᠶᠠᠵᠤ ᠪᠠᠶᠢᠭ᠎ᠠ ᠠᠵᠠᠢ ᠃