16 ᠮᠦᠽᠧᠢ ᠶᠢᠨ ᠰᠠᠩ ᠬᠥᠮᠥᠷᠭᠡ ᠶᠢ ᠪᠠᠶᠠᠵᠢᠭᠤᠯᠵᠠᠢ  | News.MN

16 ᠮᠦᠽᠧᠢ ᠶᠢᠨ ᠰᠠᠩ ᠬᠥᠮᠥᠷᠭᠡ ᠶᠢ ᠪᠠᠶᠠᠵᠢᠭᠤᠯᠵᠠᠢ 

ᠰᠤᠶᠤᠯ᠂ ᠤᠷᠠᠯᠢᠭ ᠤᠨ ᠭᠠᠵᠠᠷ ᠠᠴᠠ ᠤᠯᠤᠰ᠂ ᠣᠷᠣᠨ ᠨᠤᠲᠤᠭ ᠤᠨ ᠮᠦᠽᠧᠢ ᠡᠴᠡ ᠦᠵᠡᠮᠦᠷᠢ ᠪᠣᠯᠭᠠᠨ ᠬᠤᠳᠠᠯᠳᠤᠵᠤ ᠠᠪᠬᠤ ᠡᠳ᠋ ᠥᠯᠥᠭ ᠦᠨ ᠵᠦᠢᠯ ᠦᠨ ᠰᠠᠨᠠᠯ ᠢ 2019 ᠣᠨ ᠤ ᠠᠷᠪᠠᠨ ᠨᠢᠭᠡᠳᠦᠭᠡᠷ ᠰᠠᠷ᠎ᠠ ᠶᠢᠨ 1 ᠡᠴᠡ ᠠᠪᠴᠤ ᠨᠢᠭᠡᠳᠬᠡᠨ ᠤᠯᠤᠰ ᠤᠨ ᠰᠠᠩ ᠬᠥᠮᠥᠷᠭᠡ ᠳᠦ ᠦᠵᠡᠮᠦᠷᠢ ᠬᠤᠳᠠᠯᠳᠤᠨ ᠠᠪᠬᠤ ᠠᠵᠢᠯ ᠢ ᠵᠣᠬᠢᠶᠠᠨ ᠪᠠᠶᠢᠭᠤᠯᠤᠯ᠎ᠠ᠃
ᠮᠣᠩᠭᠣᠯ ᠤᠯᠤᠰ ᠤᠨ 2019 ᠣᠨ ᠤ ᠲᠥᠰᠥᠪ ᠦᠨ ᠬᠥᠷᠥᠩᠭᠡ ᠪᠡᠷ ᠮᠦᠽᠧᠢ ᠶᠢᠨ ᠦᠵᠡᠮᠦᠷᠢ ᠬᠤᠳᠠᠯᠳᠤᠨ ᠠᠪᠬᠤ ᠳᠤ ᠤᠯᠤᠰ᠂ ᠠᠶᠢᠮᠠᠭ ᠤᠨ 22 ᠮᠦᠽᠧᠢ ᠡᠴᠡ 182 ᠳᠡᠰ ᠦᠨ ᠳᠣᠯᠣᠭᠠᠨ ᠵᠠᠭᠤᠨ ᠶᠡᠷᠡᠨ ᠳᠥᠷᠪᠡᠨ ᠰᠠᠶ᠎ᠠ ᠵᠢᠷᠭᠤᠭᠠᠨ ᠵᠠᠭᠤᠨ ᠳᠥᠴᠢᠨ ᠮᠢᠩᠭ᠎ᠠ ᠲᠥᠭᠥᠷᠢᠭ ᠦᠨ ᠦᠨ᠎ᠡ ᠶᠢᠨ ᠰᠠᠨᠠᠯ ᠲᠠᠢ ᠡᠳ᠋ ᠥᠯᠥᠭ ᠦᠨ ᠵᠦᠢᠯ ᠢ ᠬᠤᠳᠠᠯᠳᠤᠨ ᠠᠪᠬᠤ ᠰᠠᠨᠠᠯ ᠢᠷᠡᠭᠦᠯᠦᠭᠰᠡᠨ᠃ ᠠᠷᠬᠧᠣᠯᠣᠭᠢ᠂  ᠫᠠᠯᠸᠦᠨᠲ᠋ᠤᠯᠤᠭᠢ  ᠶᠢᠨ ᠣᠯᠳᠠᠪᠤᠷᠢ᠂ ᠲᠡᠭᠦᠪᠦᠷᠢ ᠴᠤᠭᠯᠠᠭᠤᠯᠭ᠎ᠠ ᠪᠣᠯᠤᠨ ᠰᠢᠨ᠎ᠡ ᠪᠡᠷ ᠪᠦᠲᠦᠭᠡᠭᠳᠡᠭᠰᠡᠨ ᠡᠳ᠋ ᠵᠦᠢᠯᠡᠰ ᠢ ᠬᠤᠳᠠᠯᠳᠤᠨ ᠠᠪᠬᠤ ᠨᠢ ︽ᠰᠤᠶᠤᠯ ᠤᠨ ᠥᠪ ᠢ ᠬᠠᠮᠠᠭᠠᠯᠠᠬᠤ ᠲᠤᠬᠠᠢ ᠬᠠᠤᠯᠢ︾ ᠍ ᠳᠦ ᠬᠣᠷᠢᠭᠯᠠᠭᠰᠠᠨ ᠪᠠᠶᠢᠳᠠᠭ᠃ ᠰᠢᠨᠵᠢᠭᠡᠴᠢ ᠶᠢᠨ ᠪᠠᠭ ᠡᠳ᠋ ᠥᠯᠥᠭ ᠦᠨ ᠵᠦᠢᠯᠡᠰ ᠦᠨ ᠲᠡᠦᠬᠡ ᠰᠤᠶᠤᠯ᠂ ᠰᠢᠨᠵᠢᠯᠡᠬᠦ ᠤᠬᠠᠭᠠᠨ ᠤ ᠦᠨ᠎ᠡ ᠴᠡᠨ᠎ᠡ ᠠᠴᠢ ᠬᠣᠯᠪᠣᠭᠳᠠᠯ ᠢ ᠨᠠᠷᠢᠨ ᠲᠣᠳᠣᠷᠬᠠᠶᠢᠯᠠᠨ ᠤᠯᠤᠰ᠂ ᠣᠷᠣᠨ ᠨᠤᠲᠤᠭ ᠤᠨ ᠮᠦᠽᠧᠢ ᠶᠢᠨ ᠰᠠᠩ ᠬᠥᠮᠥᠷᠭᠡ ᠳᠦ ᠦᠵᠡᠮᠦᠷᠢ ᠪᠣᠯᠭᠠᠨ ᠬᠤᠳᠠᠯᠳᠤᠵᠤ ᠠᠪᠬᠤ ᠦᠵᠡᠮᠦᠷᠢ ᠶᠢ ᠲᠣᠭᠲᠠᠭᠠᠵᠤ᠂ 20 ᠳ᠋ᠤᠭᠠᠷ ᠵᠠᠭᠤᠨ ᠤ ᠡᠬᠢᠨ ᠪᠣᠯᠤᠨ ᠳᠤᠮᠳᠠ ᠦᠶ᠎ᠡ ᠳᠦ ᠮᠣᠩᠭᠣᠯᠴᠤᠳ ᠠᠬᠤᠢ ᠠᠮᠢᠳᠤᠷᠠᠯ ᠳᠤ ᠪᠠᠨ ᠬᠡᠷᠡᠭᠯᠡᠵᠦ ᠪᠠᠶᠢᠭᠰᠠᠨ ᠪᠣᠯᠪᠠᠴᠤ ᠰᠢᠨ᠎ᠡ ᠲᠧᠭᠨᠣᠯᠣᠭᠢ ᠬᠥᠭᠵᠢᠯ ᠦᠨ ᠤᠯᠠᠮ ᠠᠴᠠ ᠤᠰᠠᠳᠤᠨ ᠦᠭᠡᠢ ᠪᠣᠯᠵᠤ ᠪᠠᠶᠢᠭ᠎ᠠ ᠡᠳ᠋ ᠵᠦᠢᠯᠡᠰ ᠪᠣᠯᠤᠨ ᠲᠡᠦᠬᠡᠨ ᠬᠦᠮᠦᠨ ᠦ ᠬᠡᠷᠡᠭᠯᠡᠵᠦ ᠪᠠᠶᠢᠭᠰᠠᠨ ᠡᠳ᠋ᠯᠡᠯ ᠬᠡᠷᠡᠭᠯᠡᠯ ᠦᠳ ᠢ ᠭᠣᠣᠯᠴᠢᠯᠠᠨ ᠰᠠᠨᠠᠯ ᠪᠣᠯᠭᠠᠭᠰᠠᠨ ᠪᠠᠶᠢᠨ᠎ᠠ᠃
ᠮᠣᠩᠭᠣᠯ ᠤᠨ ᠦᠨᠳᠦᠰᠦᠨ ᠦ ᠮᠦᠽᠧᠢ ᠳᠦ ︽ᠮᠣᠩᠭᠣᠯ ᠪᠢᠴᠢᠭ ᠦᠨ ᠴᠠᠬᠢᠮ ᠮᠠᠰᠢᠨ︾᠂ ᠮᠣᠩᠭᠣᠯ ᠤᠨ ᠦᠨᠳᠦᠰᠦᠨ ᠦ ᠨᠣᠮ ᠤᠨ ᠰᠠᠩ ᠳᠤ  ︽ᠦᠢᠰᠦᠨ ᠨᠣᠮ ᠤᠨ 10 ᠬᠠᠭᠤᠳᠠᠰᠤ︾ ᠭᠡᠬᠦ ᠮᠡᠲᠦ ᠪᠡᠷ 16 ᠤᠯᠤᠰ᠂ ᠣᠷᠣᠨ ᠨᠤᠲᠤᠭ ᠤᠨ ᠮᠦᠽᠧᠢ ᠶᠢᠨ ᠰᠠᠩ ᠬᠥᠮᠥᠷᠭᠡ ᠳᠦ 57 ᠳᠡᠰ ᠦᠨ 120 ᠰᠢᠷᠬᠡᠭ ᠦᠵᠡᠮᠦᠷᠢ ᠶᠢ ᠬᠤᠳᠠᠯᠳᠤᠨ ᠠᠪᠴᠠᠢ ᠃

ᠰᠡᠳᠬᠢᠭᠳᠡᠯ ᠦᠯᠡᠳᠡᠭᠡᠬᠦ