ᠪᠢᠴᠢᠭ ᠦᠰᠦᠭ ᠢᠶᠡᠨ ᠡᠷᠬᠢᠮᠯᠡᠭᠴᠢᠳ  ᠢ ᠰᠢᠯᠭᠠᠷᠠᠭᠤᠯᠤᠯ᠎ᠠ  | News.MN

ᠪᠢᠴᠢᠭ ᠦᠰᠦᠭ ᠢᠶᠡᠨ ᠡᠷᠬᠢᠮᠯᠡᠭᠴᠢᠳ  ᠢ ᠰᠢᠯᠭᠠᠷᠠᠭᠤᠯᠤᠯ᠎ᠠ 

ᠤᠪᠰᠤ ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠠᠴᠠ ᠪᠤᠯᠪᠠᠰᠤᠷᠠᠯ ᠰᠤᠶᠤᠯ ᠤᠷᠠᠯᠢᠭ ᠤᠨ ᠭᠠᠵᠠᠷ ᠍ᠲᠠᠢ ᠬᠠᠮᠲᠤᠷᠠᠨ ︽ᠪᠢᠴᠢᠭ ᠦᠰᠦᠭ ᠢᠶᠡᠨ ᠡᠷᠬᠢᠮᠯᠡᠭᠴᠢ ᠪᠠᠶᠢᠭᠤᠯᠤᠯᠭ᠎ᠠ︾ ᠰᠢᠯᠭᠠᠷᠠᠭᠤᠯᠬᠤ ᠤᠷᠤᠯᠳᠤᠭᠠᠨ ᠢ ᠵᠠᠷᠯᠠᠨ ᠶᠠᠪᠤᠭᠤᠯᠵᠤ᠂ ᠡᠨᠡ ᠰᠠᠷ᠎ᠠ ᠶᠢᠨ 16 ᠳᠦ ᠳ᠋ᠦᠩ ᠢᠶᠡᠨ ᠭᠠᠷᠭᠠᠯ᠎ᠠ᠃ ᠲᠥᠷᠥ ᠶᠢᠨ ᠪᠣᠯᠤᠨ ᠲᠥᠷᠥ ᠶᠢᠨ ᠪᠤᠰᠤ ᠪᠠᠶᠢᠭᠤᠯᠤᠯᠭ᠎ᠠ ᠶᠢᠨ ᠠᠵᠢᠯᠴᠢᠨ ᠠᠯᠪᠠᠨ ᠬᠠᠭᠠᠭᠴᠢᠳ᠂ ᠠᠷᠠᠳ ᠢᠷᠭᠡᠳ ᠲᠦ ᠦᠨᠳᠦᠰᠦᠨ ᠦ ᠪᠢᠴᠢᠭ ᠦᠰᠦᠭ ᠢᠶᠡᠷ ᠢᠶᠡᠨ ᠪᠠᠬᠠᠷᠬᠠᠬᠤ᠂ ᠰᠤᠷᠬᠤ᠂ ᠰᠤᠷᠲᠠᠯᠴᠢᠯᠠᠬᠤ ᠬᠠᠨᠳᠤᠯᠭ᠎ᠠ ᠶᠢ ᠪᠤᠢ ᠪᠣᠯᠭᠠᠬᠤ ᠵᠣᠷᠢᠯᠭ᠎ᠠ ᠪᠦᠬᠦᠢ ᠤᠭ ᠤᠷᠤᠯᠳᠤᠭᠠᠨ ᠳᠤ ᠠᠶᠢᠮᠠᠭ ᠤᠨ ᠣᠯᠠᠨ ᠪᠠᠶᠢᠭᠤᠯᠤᠯᠭ᠎ᠠ ᠢᠳᠡᠪᠬᠢ ᠰᠠᠨᠠᠭᠠᠴᠢᠯᠭ᠎ᠠ ᠲᠠᠢ ᠣᠷᠣᠯᠴᠠᠵᠠᠢ᠃
ᠪᠠᠶᠢᠭᠤᠯᠤᠯᠭ᠎ᠠ ᠶᠢᠨ ᠠᠵᠢᠯᠲᠠᠳ ᠤᠨ ᠦᠨᠳᠦᠰᠦᠨ ᠦ ᠪᠢᠴᠢᠭ ᠢᠶᠡᠨ ᠤᠩᠰᠢᠬᠤ᠂ ᠪᠢᠴᠢᠬᠦ ᠴᠢᠳᠠᠪᠤᠷᠢ ᠶᠢᠨ ᠤᠷᠤᠯᠳᠤᠭᠠᠨ ᠳᠤ ᠡᠷᠡᠭᠦᠯ ᠮᠡᠨᠳᠦ ᠶᠢᠨ ᠭᠠᠵᠠᠷ ᠤᠨ ᠮᠡᠷᠭᠡᠵᠢᠯᠲᠡᠨ ᠨ∙ᠤᠳᠤᠪᠠᠭᠮᠠᠳ᠂ ᠮᠣᠩᠭᠣᠯ ᠬᠡᠪᠯᠡᠯ ᠦᠨ ᠭᠠᠵᠠᠷ ᠤᠨ ᠮᠡᠷᠭᠡᠵᠢᠯᠲᠡᠨ ᠣ᠊∙ᠡᠩᠬᠡ-ᠠᠮᠤᠭᠤᠯᠠᠩ᠂ ᠪᠤᠯᠪᠠᠰᠤᠷᠠᠯ ᠰᠤᠶᠤᠯ ᠤᠷᠠᠯᠢᠭ ᠤᠨ ᠭᠠᠵᠠᠷ ᠤᠨ  ᠨᠢᠭᠲᠠᠯᠠᠨ  ᠪᠤᠳᠤᠭᠴᠢ ᠳ∙ᠪᠠᠶᠠᠨᠵᠢᠷᠭᠠᠯ᠂ ᠪᠠᠷᠠᠭᠤᠨ ᠪᠥᠰᠡ ᠶᠢᠨ ᠡᠷᠴᠢᠮ ᠬᠦᠴᠦᠨ ᠦ ᠰᠢᠰᠲ᠋ᠧᠮ ᠲᠥᠷᠥ ᠶᠢᠨ ᠥᠮᠴᠢ ᠶᠢᠨ ᠬᠤᠪᠢᠴᠠᠭᠠᠲᠤ ᠺᠣᠮᠫᠠᠨᠢ ᠦᠨ ᠢᠨᠵᠧᠨᠧᠷ ᠨ∙ ᠮᠦᠩᠬᠡᠵᠠᠶᠠᠭ᠎ᠠ ᠨᠠᠷ ᠮᠠᠩᠯᠠᠶᠢᠯᠠᠵᠤ᠂ ᠬᠠᠯᠢᠮᠠᠭ ᠤᠯᠤᠰ ᠲᠤ ᠠᠶᠠᠯᠬᠤ ᠡᠷᠬᠡ ᠶᠢᠨ ᠪᠢᠴᠢᠭ᠂ ᠲᠣᠳᠣ ᠪᠢᠴᠢᠭ ᠢᠶᠡᠷ ᠬᠡᠪᠯᠡᠵᠦ ᠪᠠᠷᠢᠨᠲᠠᠭᠯᠠᠭᠰᠠᠨ ︽ᠵᠠᠩᠭᠠᠷ︾ ᠲᠤᠤᠯᠢ ᠶᠢᠨ ᠲᠣᠪᠬᠢᠮᠠᠯ ᠢᠶᠠᠷ ᠱᠠᠩᠨᠠᠭᠤᠯᠤᠭᠰᠠᠨ ᠪᠠᠶᠢᠨ᠎ᠠ᠃  2017 ᠣᠨ ᠳᠤ ᠦᠨᠳᠦᠰᠦᠨ ᠦ ᠪᠢᠴᠢᠭ ᠦᠨ ᠭᠡᠷᠡᠯ ᠦᠨ ᠬᠠᠶ᠋ᠢᠭ ᠲᠠᠢ ᠪᠠᠶᠢᠭᠤᠯᠤᠯᠭ᠎ᠠ ᠲᠤᠰ ᠠᠶᠢᠮᠠᠭ ᠲᠤ ᠪᠠᠶᠢᠬᠤ ᠦᠭᠡᠢ ᠪᠠᠶᠢᠭᠰᠠᠨ ᠪᠣᠯ ᠮᠣᠩᠭᠣᠯ ᠬᠡᠯᠡ ᠪᠢᠴᠢᠭ ᠬᠦᠲᠦᠯᠪᠤᠷᠢ ᠬᠡᠷᠡᠭᠵᠢᠭᠰᠡᠨ ᠢᠶᠡᠷ 2019 ᠣᠨ ᠳᠤ 56 ᠪᠠᠶᠢᠭᠤᠯᠤᠯᠭ᠎ᠠ ᠦᠨᠳᠦᠰᠦᠨ ᠦ ᠪᠢᠴᠢᠭ ᠦᠨ ᠭᠡᠷᠡᠯ ᠦᠨ ᠬᠠᠶ᠋ᠢᠭ ᠲᠠᠢ ᠪᠣᠯᠵᠠᠢ᠃ ᠮᠥᠨ ᠲᠥᠷᠥ ᠶᠢᠨ ᠪᠠᠶᠢᠭᠤᠯᠤᠯᠭ᠎ᠠ ᠶᠢᠨ ᠠᠵᠢᠯᠲᠠᠨ ᠤ ᠤᠩᠰᠢᠯᠭ᠎ᠠ ᠶᠢᠨ ᠳᠤᠮᠳᠠᠴᠢ 15.4 ᠪᠠᠶᠢᠭᠰᠠᠨ ᠪᠣᠯ 2019 ᠣᠨ ᠳᠤ 44 .5 ᠪᠣᠯᠵᠤ᠂ 29.1 ᠦᠭᠡ ᠪᠡᠷ ᠠᠬᠢᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ