ᠬᠤᠶᠢᠳᠤ ᠠᠮᠧᠷᠢᠺᠠ ᠶᠢᠨ ᠾᠠᠷᠳ᠋ ᠷᠣᠺ ᠤᠷᠤᠰᠬᠠᠯ ᠤᠨ Revolver ᠰᠡᠳᠬᠦᠯ 2019 ᠣᠨ ᠤ ᠰᠢᠯᠢᠳᠡᠭ 10 ᠺᠯᠢᠫ ᠢ ᠨᠡᠷᠡᠯᠡᠭᠰᠡᠨ ᠪᠠᠶᠢᠨ᠎ᠠ᠃ ᠰᠢᠯᠢᠳᠡᠭ ᠠᠷᠪᠠ ᠶᠢᠨ ᠲᠣᠭᠠᠨ ᠳᠤ ᠣᠷᠣᠭᠰᠠᠨ Chelsea Wolfe᠂ Belzebubs᠂ Rammstein᠂ Ghostemane ᠵᠡᠷᠭᠡ ᠬᠠᠮᠲᠤᠯᠢᠭ ᠳᠠᠭᠤᠴᠢᠳ ᠤᠨ ᠡᠩᠨᠡᠭᠡᠨ ᠳᠦ ᠮᠣᠩᠭᠣᠯ ᠤᠨ The Hu ᠬᠠᠮᠲᠤᠯᠢᠭ ᠨᠡᠷᠡᠯᠡᠭᠳᠡᠵᠦ᠂ Great Chinggis Khaan ᠳᠠᠭᠤᠤ ᠶᠢ ᠨᠢ ᠣᠨᠴᠠᠯᠠᠵᠠᠢ᠃
ᠤᠭ ᠰᠡᠳᠬᠦᠯ ᠳᠦ Great Chinggis Khaan ᠳᠠᠭᠤᠤ ᠨᠢ ᠮᠣᠩᠭᠣᠯ ᠤᠨ ᠡᠵᠡᠨᠲᠦ ᠭᠦᠷᠦᠨ ᠢ ᠡᠭᠦᠰᠬᠡᠨ ᠪᠠᠶᠢᠭᠤᠯᠤᠭᠴᠢ ᠴᠢᠩᠭᠢᠰ ᠬᠠᠭᠠᠨ ᠤ ᠲᠤᠬᠠᠢ ᠥᠭᠦᠯᠡᠬᠦ ᠪᠥᠭᠡᠳ ᠺᠯᠢᠫ ᠤᠨ ᠵᠢᠷᠤᠭ ᠠᠪᠤᠯᠲᠠ ᠶᠢ ᠶᠡᠬᠡ ᠬᠠᠭᠠᠨ ᠤ ᠲᠦᠷᠦᠭᠰᠡᠨ ᠨᠤᠲᠤᠭ ᠪᠤᠷᠬᠠᠨ ᠬᠠᠯᠳᠤᠨ ᠳᠤ ᠠᠪᠤᠭᠰᠠᠨ ᠪᠠᠶᠢᠨ᠎ᠠ᠃ ᠬᠠᠮᠲᠤᠯᠢᠭ ᠤᠨ ᠬᠢᠨ -30 ᠬᠡᠮ ᠦᠨ ᠬᠦᠢᠲᠡᠨ ᠳᠦ ᠵᠢᠷᠤᠭ ᠠᠪᠤᠯᠲᠠ ᠳᠤ ᠣᠷᠣᠭᠰᠠᠨ ᠴᠤ ᠳᠠᠶᠢᠴᠢᠨ ᠪᠠᠶᠢᠳᠠᠯ ᠢᠶᠠᠨ ᠠᠯᠳᠠᠭ᠎ᠠ ᠦᠭᠡᠢ ᠬᠡᠮᠡᠨ ᠪᠢᠴᠢᠵᠡᠢ᠃