ᠫ∙ᠣᠷᠬᠣᠨ ᠤ ᠪᠠᠷᠢᠯᠳᠤᠬᠤ ᠡᠷᠬᠡ ᠶᠢ 4 ᠵᠢᠯ ᠢᠶᠡᠷ ᠬᠠᠰᠤᠵᠠᠢ  | News.MN

ᠫ∙ᠣᠷᠬᠣᠨ ᠤ ᠪᠠᠷᠢᠯᠳᠤᠬᠤ ᠡᠷᠬᠡ ᠶᠢ 4 ᠵᠢᠯ ᠢᠶᠡᠷ ᠬᠠᠰᠤᠵᠠᠢ 

ᠳᠡᠯᠡᠬᠡᠢ ᠶᠢᠨ ᠪᠥᠬᠡ ᠶᠢᠨ ᠨᠢᠭᠡᠳᠦᠭᠰᠡᠨ ᠬᠣᠯᠪᠣᠭᠠᠨ ᠠᠴᠠ 2018 ᠣᠨ ᠤ ᠠᠽᠢᠶ᠎ᠠ ᠶᠢᠨ ᠨᠠᠭᠠᠳᠤᠮ ᠤᠨ ᠦᠶ᠎ᠡ ᠪᠡᠷ ᠰᠡᠷᠭᠦᠭᠡᠰᠢ ᠶᠢᠨ ᠳᠦᠷᠢᠮ ᠢ ᠵᠥᠷᠢᠴᠡᠭᠰᠡᠨ ᠨᠢ ᠲᠣᠭᠲᠠᠭᠠᠭᠳᠠᠭᠰᠠᠨ ᠮᠠᠨ ᠤ ᠪᠥᠬᠡ ᠫ∙ᠣᠷᠬᠣᠨ ᠤ ᠪᠠᠷᠢᠯᠳᠤᠬᠤ ᠡᠷᠬᠡ ᠶᠢ ᠬᠠᠰᠤᠵᠤ ᠰᠢᠢᠳᠭᠡᠭᠰᠡᠨ ᠪᠢᠯᠡ᠃ ᠲᠤᠰ ᠬᠣᠯᠪᠣᠭᠠᠨ ᠤ ᠰᠢᠢᠳᠭᠡᠯ ᠢ ᠫ∙ᠣᠷᠬᠣᠨ ᠳᠠᠪᠠᠵᠤ ᠵᠠᠭᠠᠯᠳᠤᠭᠰᠠᠨ ᠢ ᠰᠫᠣᠷᠲ ᠤᠨ ᠠᠷᠪᠢᠲ᠋ᠧᠷ ᠤᠨ ᠰᠢᠭᠦᠬᠦ ᠡᠴᠡ ᠬᠡᠯᠡᠯᠴᠡᠨ ᠪᠠᠲᠤᠯᠠᠭᠰᠠᠨ ᠪᠠᠶᠢᠨ᠎ᠠ᠃
ᠠᠽᠢᠶ᠎ᠠ ᠶᠢᠨ ᠣᠯᠢᠮᠫ ᠤᠨ ᠵᠥᠪᠯᠡᠯ ᠡᠴᠡ 2018 ᠣᠨ ᠤ ᠨᠠᠢᠮᠠᠳᠤᠭᠠᠷ ᠰᠠᠷ᠎ᠠ ᠶᠢᠨ 20 ᠳᠦ ᠠᠪᠤᠭᠰᠠᠨ ᠰᠣᠷᠢᠴᠠ ᠶᠢ  ᠳ᠋ᠤᠾᠠ ᠳ᠋ᠡᠬᠢ ᠣᠯᠠᠨ ᠤᠯᠤᠰ ᠤᠨ ᠰᠡᠷᠭᠦᠭᠡᠰᠢ ᠶᠢᠨ ᠡᠰᠡᠷᠭᠦ ᠠᠭᠧᠨᠲᠯᠢᠭ ᠤᠨ ᠪᠠᠲᠤᠯᠠᠭᠠᠲᠤ ᠯᠠᠪᠤᠷᠠᠲ᠋ᠣᠷᠢ ᠳᠤ ᠰᠢᠨᠵᠢᠯᠡᠭᠦᠯᠦᠭᠰᠡᠨ ᠪᠥᠭᠡᠳ ᠬᠣᠷᠢᠭ᠎ᠠ ᠲᠠᠢ ᠪᠣᠳᠠᠰ ᠰᠲ᠋ᠠᠨᠣᠵᠣᠯᠠᠯ ᠢᠯᠡᠷᠡᠭᠰᠡᠨ ᠶᠤᠮ᠃ ᠳᠡᠯᠡᠬᠡᠢ ᠶᠢᠨ ᠪᠥᠬᠡ ᠶᠢᠨ ᠨᠢᠭᠡᠳᠦᠭᠰᠡᠨ ᠬᠣᠯᠪᠣᠭᠠᠨ ᠠᠴᠠ ᠫ∙ᠣᠷᠬᠣᠨ ᠤ ᠪᠠᠷᠢᠯᠳᠤᠬᠤ ᠡᠷᠬᠡ ᠶᠢ 2022 ᠣᠨ ᠤ ᠶᠢᠰᠦᠳᠦᠭᠡᠷ ᠰᠠᠷ᠎ᠠ ᠶᠢᠨ 22 ᠬᠦᠷᠲᠡᠯ᠎ᠡ ᠲᠦᠳᠡᠭᠡᠯᠵᠡᠭᠦᠯᠦᠭᠰᠡᠨ ᠪᠥᠭᠡᠳ ᠫ∙ᠣᠷᠬᠣᠨ ᠄ ︽ᠪᠢ  ᠰᠡᠷᠭᠦᠭᠡᠰᠢ ᠶᠢᠨ ᠲᠥᠷᠥᠯ ᠦᠨ ᠵᠦᠢᠯ ᠬᠡᠷᠡᠭᠯᠡᠭᠡ ᠦᠭᠡᠢ᠂ ᠭᠠᠳᠠᠭᠠᠳᠤ ᠨᠥᠯᠥᠭᠡ ᠲᠡᠢ ᠪᠠᠶᠢᠭᠰᠠᠨ ᠢ ᠨᠤᠲᠠᠯᠠᠬᠤ ᠪᠠᠷᠢᠮᠲᠠ ᠨᠠᠳᠠ ᠳᠤ ᠪᠤᠢ︾ ᠭᠡᠰᠡᠨ ᠴᠤ UWW ᠍ ᠡᠴᠡ ᠡᠶᠢᠨ ᠬᠦ ᠰᠢᠢᠳᠪᠦᠷᠢ ᠪᠡᠨ ᠭᠠᠷᠭᠠᠵᠠᠢ᠃

ᠰᠡᠳᠬᠢᠭᠳᠡᠯ ᠦᠯᠡᠳᠡᠭᠡᠬᠦ