ᠮᠣᠯᠯᠧᠢ ᠰᠠᠶ᠋ᠢᠳ᠋ ᠡᠬᠢᠨ ᠦ ᠲᠣᠭᠣᠷᠢᠭ ᠲᠤ ᠢᠯᠠᠭᠳᠠᠯ᠎ᠠ  | News.MN

ᠮᠣᠯᠯᠧᠢ ᠰᠠᠶ᠋ᠢᠳ᠋ ᠡᠬᠢᠨ ᠦ ᠲᠣᠭᠣᠷᠢᠭ ᠲᠤ ᠢᠯᠠᠭᠳᠠᠯ᠎ᠠ 

ᠵᠢᠦ᠋ᠳᠣ᠋ ᠪᠥᠬᠡ ᠶᠢᠨ World masters ᠲᠡᠮᠡᠴᠡᠭᠡᠨ ᠬᠢᠲᠠᠳ ᠲᠤ ᠬᠤᠶᠠᠳᠠᠬᠢ ᠡᠳᠦᠷ ᠢᠶᠡᠨ ᠦᠷᠭᠦᠯᠵᠢᠯᠡᠵᠦ ᠪᠠᠶᠢᠨ᠎ᠠ᠃ ᠲᠡᠮᠡᠴᠡᠭᠡᠨ ᠦ ᠡᠬᠢᠨ ᠦ ᠡᠳᠦᠷ ᠮᠣᠩᠭᠣᠯ ᠤᠨ 10 ᠵᠢᠦ᠋ᠳᠤᠴᠢ ᠪᠠᠷᠢᠯᠳᠤᠭᠰᠠᠨ ᠠᠴᠠ ᠭ∙ᠬᠡᠷᠦᠯᠦᠨ᠂ ᠭ∙ᠨᠠᠷᠠᠨᠴᠡᠴᠡᠭ ᠨᠠᠷ ᠮᠥᠩᠭᠥ᠂ ᠶᠣ᠊∙ᠪᠠᠰᠠᠬᠦᠦ ᠬᠦᠷᠡᠯ ᠮᠧᠳᠠᠯ  ᠬᠦᠷᠲᠡᠨ᠂ ᠮ∙ᠦᠷᠠᠨᠴᠡᠴᠡᠭ ᠲᠠᠪᠤᠳᠤᠭᠠᠷ ᠪᠠᠶᠢᠷᠢ ᠳᠤ ᠰᠢᠯᠭᠠᠷᠠᠭᠰᠠᠨ᠃
ᠥᠨᠥᠳᠥᠷ ᠮᠣᠩᠭᠣᠯ ᠤᠨ ᠵᠢᠷᠭᠤᠭᠠᠨ ᠪᠥᠬᠡ ᠪᠠᠷᠢᠯᠳᠤᠵᠤ ᠪᠤᠢ ᠠᠴᠠ ᠭᠠᠪᠢᠶᠠᠲᠤ ᠲᠠᠮᠢᠷᠴᠢᠨ ᠭ∙ᠤᠳᠤᠪᠠᠶᠠᠷ ᠢᠯᠠᠭᠳᠠᠨ᠂ ᠲᠡᠮᠡᠴᠡᠭᠡᠨ ᠢᠶᠡᠨ ᠳᠠᠭᠤᠰᠬᠠᠭᠠᠳ ᠪᠠᠶᠢᠭ᠎ᠠ᠃ ᠡᠷᠡᠭᠲᠡᠶᠢᠴᠦᠳ ᠦᠨ 81 ᠺᠢᠯᠦᠭᠷᠡᠮ ᠳᠦ ᠵᠣᠳᠣᠭᠯᠠᠵᠤ ᠪᠤᠢ ᠮᠣᠩᠭᠣᠯ ᠤᠨ ᠢᠷᠭᠡᠨ ᠪᠣᠯᠤᠭᠰᠠᠨ᠂ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠠᠯᠲᠠ᠂ ᠬᠦᠷᠡᠯ ᠮᠸᠳᠠᠯᠲᠤ ᠮᠣᠯᠯᠧᠢ ᠰᠠᠶ᠋ᠢᠳ᠋ ᠡᠬᠢᠨ ᠦ ᠲᠣᠭᠣᠷᠢᠭ ᠲᠤ ᠢᠲ᠋ᠠᠯᠢ ᠶᠢᠨ ᠪᠥᠬᠡ ᠺᠷᠢᠰᠲ᠋ᠢᠨ ᠫᠠᠷᠯᠠᠲ ᠲᠤ ᠴᠡᠪᠡᠷ ᠢᠯᠠᠭᠳᠠᠪᠠ᠃ ᠥᠭᠡᠷ᠎ᠡ ᠣᠷᠣᠨ ᠤ ᠪᠥᠬᠡ ᠮᠣᠩᠭᠣᠯ ᠤᠯᠤᠰ ᠤᠨ ᠨᠡᠷ᠎ᠡ ᠶᠢᠨ ᠡᠮᠦᠨ᠎ᠡ ᠡᠴᠡ ᠠᠩᠬ᠎ᠠ ᠤᠳᠠᠭ᠎ᠠ ᠪᠠᠷᠢᠯᠳᠤᠭᠰᠠᠨ ᠨᠢ ᠡᠨᠡ᠃

ᠰᠡᠳᠬᠢᠭᠳᠡᠯ ᠦᠯᠡᠳᠡᠭᠡᠬᠦ