ᠵᠣᠬᠢᠶᠠᠯᠴᠢ᠂ ᠢᠷᠠᠭᠤ ᠨᠠᠶᠢᠷᠠᠭᠴᠢ ᠭ∙ᠠᠶᠤᠷᠵᠠᠨ᠎ᠠ ᠶᠢᠨ ︽ᠮᠣᠩᠭᠣᠯ ᠤᠨ ᠰᠣᠩᠭᠣᠮᠠᠯ ᠥᠭᠦᠯᠡᠯᠭᠡ︾ ᠲᠡᠭᠦᠪᠤᠷᠢ ᠪᠤᠶᠤ ᠬᠤᠷᠢᠳᠤᠭᠠᠷ ᠵᠠᠭᠤᠨ ᠤ ᠮᠣᠩᠭᠣᠯ ᠥᠭᠦᠯᠡᠯᠭᠡ ᠨᠦᠭᠦᠳ ᠦᠨ ᠴᠣᠮᠣᠷᠯᠢᠭ ᠹᠷᠠᠨᠼᠢ ᠬᠡᠯᠡ ᠪᠡᠷ ᠬᠡᠪᠯᠡᠭᠳᠡᠵᠡᠢ᠃ ᠮᠣᠩᠭᠣᠯ ᠬᠡᠯᠡᠨ ᠡᠴᠡ ᠹᠷᠠᠨᠼᠢ ᠬᠡᠯᠡ ᠤᠷᠤᠭᠤ ᠣᠷᠴᠢᠭᠤᠯᠤᠭᠴᠢ ᠷ∙ᠮᠦᠩᠬᠡᠵᠤᠯᠠ ᠤᠷᠴᠢᠭᠤᠯᠵᠤ ᠂ ᠫᠠᠷᠢᠰ ᠬᠣᠲᠠ ᠶᠢᠨ Borealia ᠬᠡᠪᠯᠡᠯ ᠦᠨ ᠭᠠᠵᠠᠷ ᠠᠴᠠ ᠬᠡᠪᠯᠡᠭᠦᠯᠦᠭᠰᠡᠨ ᠪᠠᠶᠢᠨ᠎ᠠ᠃
ᠲᠤᠰ ᠨᠣᠮ ᠳᠤ ᠳᠠᠰᠢᠳᠣᠷᠵᠢ ᠶᠢᠨ ᠨᠠᠴᠤᠭᠳᠣᠷᠵᠢ᠂ ᠰᠡᠩᠭᠡ ᠶᠢᠨ ᠡᠷᠳᠡᠨᠢ᠂ ᠴᠡᠩᠳᠤ ᠶᠢᠨ ᠳᠣᠷᠵᠢᠭᠣᠲᠤᠪ᠂ ᠪᠠᠯᠵᠣᠷ ᠤᠨ ᠳᠣᠭᠮᠢᠳ᠂ ᠳᠠᠮᠪᠠᠳᠠᠷᠵᠢᠶ᠎ᠠ ᠶᠢᠨ ᠨᠠᠮᠰᠠᠷᠠᠢ ᠵᠡᠷᠭᠡ 16 ᠵᠣᠬᠢᠶᠠᠯᠴᠢ ᠶᠢᠨ 22 ᠰᠢᠯᠢᠮᠡᠯ ᠥᠭᠦᠯᠡᠯᠭᠡ ᠪᠠᠭᠲᠠᠭᠰᠠᠨ ᠪᠠᠶᠢᠳᠠᠭ᠃ ᠹᠷᠠᠨᠼᠢ ᠬᠤᠪᠢᠯᠪᠤᠷᠢ ᠶᠢ ᠨᠣᠮ ᠤᠨ ᠲᠡᠭᠦᠰᠬᠡᠯ ᠦᠨ ᠥᠭᠦᠯᠡᠯᠭᠡ ᠪᠣᠯᠬᠤ ᠵᠣᠬᠢᠶᠠᠯᠴᠢ ᠫ∙ᠪᠠᠲᠤᠬᠤᠶᠠᠭ ᠤᠨ ︽ᠬᠦᠷᠡᠯ ᠵᠢᠷᠦᠬᠡ︾ ᠍ ᠪᠡᠷ ᠨᠡᠷᠡᠯᠡᠭᠰᠡᠨ ᠪᠠᠶᠢᠨ᠎ᠠ ᠃
Borealia ᠬᠡᠪᠯᠡᠯ ᠦᠨ ᠭᠠᠵᠠᠷ ᠡᠮᠦᠨ᠎ᠡ ᠨᠢ ᠯ∙ᠲᠦᠳᠦᠪ ᠦᠨ ︽ᠬᠣᠷᠸ᠎ᠠ ᠲᠠᠢ ᠲᠠᠨᠢᠯᠴᠠᠭᠰᠠᠨ ᠲᠡᠦᠬᠡ︾᠂ ᠯ∙ᠥᠯᠵᠡᠶᠢᠲᠡᠭᠦᠰ ᠦᠨ ︽ᠠᠺᠸᠠᠷᠢᠤᠮ︾ ᠨᠣᠮ ᠢ ᠹᠷᠠᠨᠼᠢ ᠬᠡᠯᠡ ᠪᠡᠷ ᠬᠡᠪᠯᠡᠨ ᠲᠦᠭᠡᠭᠡᠭᠰᠡᠨ ᠪᠥᠭᠡᠳ ᠠᠯᠢ ᠠᠯᠢ ᠶᠢ ᠨᠢ ᠷ∙ᠮᠦᠩᠬᠡᠵᠤᠯᠠ ᠣᠷᠴᠢᠭᠤᠯᠤᠭᠰᠠᠨ ᠶᠤᠮ᠃