ᠪ∙ᠪᠤᠳᠢᠵᠢᠷᠭᠠᠯ 834 ᠺᠢᠯᠣᠮᠧᠲ᠋ᠷ ᠭᠦᠶᠦᠵᠦ ᠲᠦᠷᠦᠭᠦᠯᠡᠵᠡᠢ  | News.MN

ᠪ∙ᠪᠤᠳᠢᠵᠢᠷᠭᠠᠯ 834 ᠺᠢᠯᠣᠮᠧᠲ᠋ᠷ ᠭᠦᠶᠦᠵᠦ ᠲᠦᠷᠦᠭᠦᠯᠡᠵᠡᠢ 

ᠭᠦᠶᠦᠯᠲᠡ ᠶᠢᠨ ᠬᠡᠲᠦ ᠬᠤᠯᠠ ᠵᠠᠢ ᠶᠢᠨ  ᠳᠡᠯᠡᠬᠡᠢ ᠶᠢᠨ ᠭᠤᠷᠪᠠᠨ ᠤᠳᠠᠭ᠎ᠠ ᠶᠢᠨ ᠠᠪᠤᠷᠭᠤ ᠪ∙ᠪᠤᠳᠢᠵᠢᠷᠭᠠᠯ ᠡᠨᠡ ᠤᠳᠠᠭ᠎ᠠ 834 ᠺᠢᠯᠣᠮᠧᠲ᠋ᠷ ᠵᠠᠮ ᠢ ᠲᠤᠭᠤᠯᠵᠤ ᠲᠦᠷᠦᠭᠦᠯᠡᠭᠰᠡᠨ ᠪᠠᠶᠢᠨ᠎ᠠ᠃ ᠡᠨᠡ ᠰᠠᠷ᠎ᠠ ᠶᠢᠨ 6 ᠳᠦ ᠵᠣᠬᠢᠶᠠᠨ ᠪᠠᠶᠢᠭᠤᠯᠤᠭᠳᠠᠭᠰᠠᠨ ᠵᠢᠷᠭᠤᠭᠠᠨ ᠡᠳᠦᠷ ᠵᠢᠷᠭᠤᠭᠠᠨ ᠰᠦᠨᠢ ᠶᠢᠨ ᠲᠠᠰᠤᠷᠠᠯᠲᠠ ᠦᠭᠡᠢ ᠭᠦᠶᠦᠯᠲᠡ ᠶᠢᠨ ᠲᠡᠮᠡᠴᠡᠭᠡᠨ ᠳᠦ  ᠡᠶᠢᠨ ᠢᠯᠠᠯᠲᠠ ᠪᠠᠶᠢᠭᠤᠯᠤᠯ᠎ᠠ᠃ ᠠᠽᠢᠶ᠎ᠠ ᠲᠢᠪ ᠲᠦ ᠠᠩᠬ᠎ᠠ ᠤᠳᠠᠭ᠎ᠠ ᠬᠢᠲᠠᠳ ᠤᠨ ᠰᠢᠶᠠᠮᠸᠨ  ᠬᠤᠲᠠ ᠳᠤ ᠵᠣᠬᠢᠶᠠᠭᠳᠠᠭᠰᠠᠨ ᠲᠡᠮᠡᠴᠡᠭᠡᠨ ᠳᠦ ᠲᠡᠷᠡ 834 ᠺᠢᠯᠣᠮᠧᠲ᠋ᠷ ᠭᠦᠶᠦᠵᠦ ᠲᠦᠷᠦᠭᠦᠯᠡᠭᠰᠡᠨ ᠶᠤᠮ᠃ ᠲᠡᠷᠡᠪᠡᠷ ᠥᠪᠡᠷ ᠦᠨ ᠢᠶᠡᠨ ᠨᠢᠭᠤᠷ ᠬᠠᠭᠤᠳᠠᠰᠤᠨ ᠳᠤ ᠄ ᠪᠢᠳᠡ ᠦᠨᠡᠨ᠂ ᠵᠦᠪ᠂ ᠲᠡᠭᠦᠰ ᠠᠮᠢᠳᠤᠷᠠᠯ ᠤᠨ ᠬᠡᠪ ᠮᠠᠶ᠋ᠢᠭ ᠢᠶᠠᠷ ᠠᠮᠢᠳᠤᠷᠠᠪᠠᠯ ᠰᠡᠳᠭᠢᠯ ᠠᠮᠤᠷ᠂  ᠠᠮᠤᠭᠤᠯᠠᠩ ᠪᠠᠶᠢᠨ᠎ᠠ᠂ ᠪᠠᠰᠠ  ᠡᠪᠡᠳᠬᠦ ᠦᠭᠡᠢ ᠤᠷᠲᠤ ᠨᠠᠰᠤᠯᠠᠨ᠎ᠠ ᠬᠡᠮᠡᠨ ᠪᠢᠴᠢᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ