︽ᠫᠠᠷᠢᠰ ᠤᠨ ᠬᠡᠯᠡᠯᠴᠡᠭᠡᠷ︾ ᠲᠦ ᠤᠷᠤᠭᠤᠯᠬᠤ ᠵᠣᠷᠢᠯᠲᠠ ᠪᠠᠨ ᠰᠢᠨᠡᠴᠢᠯᠡᠵᠦ ᠴᠢᠳᠠᠯ᠎ᠠ  | News.MN

︽ᠫᠠᠷᠢᠰ ᠤᠨ ᠬᠡᠯᠡᠯᠴᠡᠭᠡᠷ︾ ᠲᠦ ᠤᠷᠤᠭᠤᠯᠬᠤ ᠵᠣᠷᠢᠯᠲᠠ ᠪᠠᠨ ᠰᠢᠨᠡᠴᠢᠯᠡᠵᠦ ᠴᠢᠳᠠᠯ᠎ᠠ 

ᠪᠠᠶᠢᠭᠠᠯᠢ ᠤᠷᠴᠢᠨ ᠠᠶᠠᠯᠠᠯ ᠵᠢᠭᠤᠯᠴᠢᠯᠠᠯ ᠤᠨ ᠶᠠᠮᠤᠨ ᠤ  ᠰᠠᠶᠢᠳ ᠨ∙ ᠴᠡᠷᠡᠩᠪᠠᠲᠤ ᠲᠡᠷᠢᠭᠦᠲᠡᠢ ᠮᠣᠩᠭᠣᠯ ᠤᠯᠤᠰ ᠤᠨ ᠲᠥᠯᠥᠭᠡᠯᠡᠭᠴᠢᠳ ᠠᠭᠤᠷ ᠠᠮᠢᠰᠬᠤᠯ ᠤᠨ ᠥᠭᠡᠷᠡᠴᠢᠯᠡᠯᠲᠡ ᠶᠢᠨ ᠲᠤᠬᠠᠢ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠰᠠᠭᠤᠷᠢ ᠺᠣᠨᠸᠧᠨᠼ ᠤᠨ ᠲᠠᠯ᠎ᠠ ᠨᠤᠭᠤᠳ ᠤᠨ 25 ᠳ᠋ᠤᠭᠠᠷ ᠪᠠᠭ᠎ᠠ ᠬᠤᠷᠠᠯ ᠳᠤ ᠣᠷᠣᠯᠴᠠᠵᠤ ᠪᠠᠶᠢᠨ᠎ᠠ᠃ ᠨ∙ ᠴᠡᠷᠡᠩᠪᠠᠲᠤ ᠡᠨᠡ ᠦᠶ᠎ᠡ ᠪᠡᠷ ᠮᠣᠩᠭᠣᠯ ᠤᠯᠤᠰ ᠤᠨ ᠵᠠᠰᠠᠭ ᠤᠨ ᠭᠠᠵᠠᠷ ᠰᠢᠨ᠎ᠡ ᠪᠡᠷ ᠪᠠᠲᠤᠯᠠᠭᠰᠠᠨ ︽ᠫᠠᠷᠢᠰ ᠤᠨ ᠬᠡᠯᠡᠯᠴᠡᠭᠡᠷ︾ ᠢ ᠬᠡᠷᠡᠭᠵᠢᠭᠦᠯᠬᠦ ᠮᠣᠩᠭᠣᠯ ᠤᠯᠤᠰ ᠤᠨ ᠵᠣᠷᠢᠯᠲᠠ ᠶᠢ ᠲᠠᠨᠢᠯᠴᠠᠭᠤᠯᠵᠤ᠂ ᠫᠠᠷᠢᠰ ᠤᠨ ᠬᠡᠯᠡᠯᠴᠡᠭᠡᠷ ᠲᠦ ᠤᠷᠤᠭᠤᠯᠬᠤ ᠦᠨᠳᠦᠰᠦᠨ ᠦ ᠵᠣᠷᠢᠯᠲᠠ ᠪᠠᠨ ᠰᠢᠨᠡᠴᠢᠯᠡᠭᠰᠡᠨ ᠠᠩᠬᠠᠳᠠᠭᠴᠢᠳ ᠤᠨ ᠨᠢᠭᠡ ᠪᠣᠯᠤᠭᠰᠠᠨ ᠳᠤ ᠪᠠᠶᠠᠷᠲᠠᠢ ᠪᠠᠶᠢᠭ᠎ᠠ ᠪᠠᠨ ᠢᠯᠡᠷᠬᠡᠶᠢᠯᠡᠪᠡ᠃ ᠮᠣᠩᠭᠣᠯ ᠤᠯᠤᠰ ᠤᠭ ᠬᠤᠷᠠᠯᠳᠤᠭᠠᠨ ᠤ 10 ᠭᠠᠷᠤᠢ ᠦᠢᠯᠡ ᠠᠵᠢᠯᠯᠠᠭᠠᠨ ᠳᠤ ᠢᠯᠡᠳᠬᠡᠭᠴᠢ ᠪᠡᠷ ᠣᠷᠣᠯᠴᠠᠵᠤ᠂ ᠠᠩᠬ᠎ᠠ ᠤᠳᠠᠭ᠎ᠠ ᠲᠦᠩᠰᠢ ᠪᠠᠶᠢᠭᠤᠯᠤᠯᠭ᠎ᠠ ᠨᠤᠭᠤᠳ ᠤᠨ ᠬᠠᠮᠲᠤ ᠦᠢᠯᠡ ᠠᠵᠢᠯᠯᠠᠭ᠎ᠠ ᠶᠢ ᠰᠠᠨᠠᠭᠠᠴᠢᠯᠠᠨ ᠠᠮᠵᠢᠯᠲᠠᠲᠠᠢ ᠵᠣᠬᠢᠶᠠᠨ ᠪᠠᠶᠢᠭᠤᠯᠤᠭᠰᠠᠨ ᠶᠤᠮ᠃
ᠡᠨᠡ ᠤᠳᠠᠭ᠎ᠠ ᠶᠢᠨ ᠬᠤᠷᠠᠯ ᠢ ᠴᠢᠯᠢ ᠤᠯᠤᠰ ᠳᠠᠷᠤᠭᠠᠯᠠᠵᠤ ᠪᠠᠶᠢᠭ᠎ᠠ ᠪᠥᠭᠡᠳ ᠬᠤᠷᠠᠯ ᠤᠨ ᠳᠠᠷᠤᠭ᠎ᠠ ᠶᠢᠨ ᠭᠠᠵᠠᠷ ᠠᠴᠠ ᠵᠠᠷᠢᠮ ᠰᠠᠯᠪᠤᠷᠢ ᠲᠤᠬᠠᠶᠢᠯᠠᠪᠠᠯ ᠡᠷᠴᠢᠮ ᠬᠦᠴᠦ᠂ ᠵᠠᠮ ᠲᠡᠭᠡᠭᠡᠪᠦᠷᠢ᠂ ᠰᠢᠨᠵᠢᠯᠡᠬᠦ ᠤᠬᠠᠭᠠᠨ ᠤ ᠰᠠᠯᠪᠤᠷᠢ ᠶᠢᠨ ᠰᠠᠶᠢᠳ ᠨᠠᠷ ᠢ ᠣᠷᠤᠯᠴᠠᠭᠤᠯᠵᠤ᠂ ᠬᠡᠯᠡᠯᠴᠡᠭᠦᠯᠭᠡ ᠵᠣᠬᠢᠶᠠᠨ ᠪᠠᠶᠢᠭᠤᠯᠤᠭᠰᠠᠨ ᠨᠢ ᠬᠤᠷᠠᠯ ᠤᠨ ᠪᠠᠰᠠ ᠨᠢᠭᠡ ᠣᠨᠴᠠᠯᠢᠭ ᠪᠣᠯᠵᠤ ᠪᠠᠶᠢᠨ᠎ᠠ᠃ ᠡᠨᠡ ᠬᠦᠷᠢᠶᠡᠨ ᠳᠦ ᠠᠩᠬ᠎ᠠ ᠤᠳᠠᠭ᠎ᠠ ᠰᠠᠩ ᠤᠨ ᠰᠠᠶᠢᠳ ᠨᠠᠷ ᠢ ᠣᠷᠤᠯᠴᠠᠭᠤᠯᠤᠭᠰᠠᠨ ᠥᠨᠳᠥᠷ ᠲᠦᠪᠰᠢᠨ ᠦ ᠬᠡᠯᠡᠯᠴᠡᠭᠦᠯᠭᠡ ᠪᠣᠯᠵᠤ ᠂ ᠠᠭᠤᠷ ᠠᠮᠢᠰᠬᠤᠯ ᠤᠨ ᠥᠭᠡᠷᠡᠴᠢᠯᠡᠯᠲᠡ ᠡᠴᠡ ᠡᠭᠦᠳᠦᠯᠲᠡᠢ ᠭᠠᠷᠤᠵᠠ ᠬᠣᠬᠢᠷᠠᠯ ᠤᠯᠤᠰ ᠣᠷᠣᠨ ᠤ ᠡᠳ᠋ ᠍ ᠦᠨ ᠵᠠᠰᠠᠭ ᠲᠤ ᠬᠡᠷᠬᠢᠨ ᠨᠥᠯᠦᠭᠡᠯᠡᠵᠦ ᠪᠠᠶᠢᠭ᠎ᠠ ᠪᠣᠯᠤᠨ ᠶᠠᠮᠠᠷ ᠲᠣᠳᠣᠷᠬᠠᠢ ᠰᠢᠢᠳᠦᠯ ᠪᠠᠶᠢᠵᠤ ᠪᠣᠯᠬᠤ ᠲᠠᠯ᠎ᠠ ᠪᠠᠷ ᠶᠠᠷᠢᠯᠴᠠᠪᠠ᠃

ᠰᠡᠳᠬᠢᠭᠳᠡᠯ ᠦᠯᠡᠳᠡᠭᠡᠬᠦ