ᠮ∙ᠴᠡᠪᠡᠯᠮ᠎ᠠ ᠶᠢᠨ ᠲᠠᠨᠢᠯᠴᠠᠭᠤᠯᠭ᠎ᠠ ᠶᠢ 142000 ᠬᠦᠮᠦᠨ ᠦᠵᠡᠵᠡᠢ  | News.MN

ᠮ∙ᠴᠡᠪᠡᠯᠮ᠎ᠠ ᠶᠢᠨ ᠲᠠᠨᠢᠯᠴᠠᠭᠤᠯᠭ᠎ᠠ ᠶᠢ 142000 ᠬᠦᠮᠦᠨ ᠦᠵᠡᠵᠡᠢ 

︽ᠳᠡᠯᠡᠬᠡᠢ ᠶᠢᠨ ᠮᠢᠰᠰ-2019︾ ᠳᠦ ᠡᠬᠡ ᠣᠷᠣᠨ ᠢᠶᠠᠨ ᠲᠥᠯᠥᠭᠡᠯᠡᠨ ᠣᠷᠣᠯᠴᠠᠵᠤ ᠪᠤᠢ ᠮᠢᠰᠰ

ᠮ∙ᠴᠡᠪᠡᠯᠮ᠎ᠠ ᠶᠢᠨ ᠲᠠᠨᠢᠯᠴᠠᠭᠤᠯᠭ᠎ᠠ ᠸᠢᠳᠢᠣ᠋ ᠶᠢ142000 ᠬᠦᠮᠦᠨ ᠦᠵᠡᠵᠦ᠂ ᠨᠡᠶᠢᠲᠡ ᠦᠵᠡᠯᠲᠡ ᠶᠢᠨ ᠲᠣᠭ᠎ᠠ ᠪᠠᠷ ᠬᠣᠶᠠᠳᠤᠭᠠᠷ ᠪᠠᠶᠢᠷᠢ ᠳᠤ ᠶᠠᠪᠤᠵᠤ ᠪᠠᠶᠢᠨ᠎ᠠ᠃ ᠲᠠᠨᠢᠯᠴᠠᠭᠤᠯᠭ᠎ᠠ ᠸᠢᠳᠢᠣ᠋ ᠍ ᠶᠢᠨ ᠦᠵᠡᠯᠲᠡ ᠪᠤᠶᠤ youtube ᠳ᠋ᠡᠬᠢ ᠬᠠᠨᠳᠤᠯᠲᠠ ᠶᠡᠬᠡ ᠪᠠᠶᠢᠬᠤ ᠨᠢ ᠮᠤᠯᠢᠲ ᠮᠧᠳᠢᠶᠠ ᠲᠥᠷᠥᠯ ᠦᠨ ᠰᠢᠯᠭᠠᠷᠠᠭᠤᠯᠤᠯᠲᠠ ᠳᠤ ᠨᠥᠯᠦᠭᠡᠯᠡᠳᠡᠭ ᠲᠤᠯᠠ ᠡᠬᠡ ᠣᠷᠣᠨ ᠢᠶᠠᠨ ᠲᠥᠯᠥᠭᠡᠯᠡᠨ ᠣᠷᠣᠯᠴᠠᠵᠤ ᠪᠤᠢ ᠮᠢᠰᠰ ᠢᠶᠡᠨ ᠳᠡᠮᠵᠢᠬᠦ ᠶᠢ ᠵᠣᠬᠢᠶᠠᠨ ᠪᠠᠶᠢᠭᠤᠯᠤᠭᠴᠢᠳ ᠨᠢ ᠤᠷᠢᠶᠠᠯᠠᠯ᠎ᠠ᠃
ᠠᠩᠭᠯᠢ ᠤᠯᠤᠰ ᠤᠨ ᠯᠣᠨᠳᠣᠨ ᠬᠤᠲᠠ ᠳᠤ ᠵᠣᠬᠢᠶᠠᠨ ᠪᠠᠶᠢᠭᠤᠯᠤᠭᠳᠠᠵᠤ ᠪᠤᠢ ︽ᠳᠡᠯᠡᠬᠡᠢ ᠶᠢᠨ ᠮᠢᠰᠰ-2019 ︾ ᠲᠡᠮᠡᠴᠡᠭᠡᠨ ᠳᠦ 130 ᠣᠷᠣᠨ ᠤ ᠭᠣᠸ᠎ᠠ ᠪᠦᠰᠡᠭᠦᠢ ᠣᠷᠣᠯᠴᠠᠵᠤ ᠪᠠᠶᠢᠭ᠎ᠠ ᠪᠥᠭᠡᠳ

ᠮ∙ᠴᠡᠪᠡᠯᠮ᠎ᠠ ᠶᠢᠨ ᠠᠪᠢᠶᠠᠰ ᠤᠨ ᠦᠵᠡᠭᠦᠯᠪᠦᠷᠢ ᠡᠮᠦᠨ᠎ᠡ 20 ᠍ ᠳᠦ᠂ ᠬᠦᠮᠦᠯᠢᠭ ᠦᠨ ᠠᠵᠢᠯ ᠡᠮᠦᠨ᠎ᠡ 10 ᠍ ᠳᠦ  ᠪᠠᠭᠲᠠᠭᠠᠳ ᠪᠠᠶᠢᠭ᠎ᠠ᠃ ᠲᠡᠮᠡᠴᠡᠭᠡᠨ ᠦ ᠡᠴᠦᠰ ᠦᠨ ᠰᠢᠯᠭᠠᠷᠠᠭᠤᠯᠤᠯᠲᠠ ᠠᠷᠪᠠᠨ ᠬᠣᠶᠠᠳᠤᠭᠠᠷ ᠰᠠᠷ᠎ᠠ ᠶᠢᠨ 14  ᠳᠦ ᠪᠣᠯᠤᠨ᠎ᠠ᠃

ᠰᠡᠳᠬᠢᠭᠳᠡᠯ ᠦᠯᠡᠳᠡᠭᠡᠬᠦ