︽ᠪ∙ᠶᠠᠪᠤᠭᠤᠬᠤᠯᠠᠩ  ᠤᠨ ᠲᠤᠭᠤᠷᠪᠢᠯ︾ ᠡᠷᠳᠡᠮ ᠰᠢᠨᠵᠢᠯᠡᠭᠡᠨ ᠦ ᠬᠤᠷᠠᠯ ᠪᠣᠯᠪᠠ  | News.MN

 ︽ᠪ∙ᠶᠠᠪᠤᠭᠤᠬᠤᠯᠠᠩ  ᠤᠨ ᠲᠤᠭᠤᠷᠪᠢᠯ︾ ᠡᠷᠳᠡᠮ ᠰᠢᠨᠵᠢᠯᠡᠭᠡᠨ ᠦ ᠬᠤᠷᠠᠯ ᠪᠣᠯᠪᠠ 

ᠮᠣᠩᠭᠣᠯ ᠤᠯᠤᠰ ᠤᠨ ᠲᠥᠷᠥ ᠶᠢᠨ ᠱᠠᠩᠨᠠᠯᠲᠤ᠂ ᠰᠤᠶᠤᠯ ᠤᠨ ᠭᠠᠪᠢᠶᠠᠲᠤ ᠵᠢᠳᠬᠦᠯᠲᠡᠨ᠂ ᠳᠣᠷᠣᠨ᠎ᠠ ᠶᠢᠨ ᠶᠡᠬᠡ ᠢᠷᠠᠭᠤ ᠨᠠᠶᠢᠷᠠᠭᠴᠢ ᠪᠡᠭᠵᠡ ᠶᠢᠨ ᠶᠠᠪᠤᠭᠤᠬᠤᠯᠠᠩ ᠤᠨ ᠮᠡᠨᠳᠦᠯᠡᠭᠰᠡᠨ ᠦ 90 ᠵᠢᠯ ᠦᠨ ᠣᠢ ᠳᠤ ᠵᠣᠷᠢᠭᠤᠯᠤᠭᠰᠠᠨ ︽ᠬᠤᠷᠢᠳᠤᠭᠠᠷ ᠵᠠᠭᠤᠨ ᠤ ᠳᠣᠷᠣᠨ᠎ᠠ ᠶᠢᠨ ᠶᠡᠬᠡ ᠢᠷᠠᠭᠤ ᠨᠠᠶᠢᠷᠠᠭᠴᠢ ᠪ∙ᠶᠠᠪᠤᠭᠤᠬᠤᠯᠠᠩ  ᠤᠨ ᠲᠤᠭᠤᠷᠪᠢᠯ︾ ᠡᠷᠳᠡᠮ ᠰᠢᠨᠵᠢᠯᠡᠭᠡᠨ ᠦ ᠬᠤᠷᠠᠯ ᠥᠨᠥᠳᠥᠷ ᠬᠡᠦᠬᠡᠳ ᠦᠨ ᠲᠥᠪ ᠨᠣᠮ ᠤᠨ ᠰᠠᠩ ᠤᠨ ᠤᠩᠰᠢᠯᠭ᠎ᠠ ᠶᠢᠨ ᠲᠠᠩᠬᠢᠮ ᠳᠤ ᠪᠣᠯᠤᠯ᠎ᠠ᠃ ᠬᠤᠷᠠᠯ ᠢ ᠤᠯᠠᠭᠠᠨᠪᠠᠭᠠᠲᠤᠷ ᠤᠨ ᠶᠡᠬᠡ ᠰᠤᠷᠭᠠᠭᠤᠯᠢ ᠶᠢᠨ ᠵᠠᠬᠢᠷᠤᠯ᠂ ᠳ᠋ᠣᠺᠲ᠋ᠣᠷ᠂ ᠫᠷᠣᠹᠧᠰᠰᠣᠷ ᠰ∙ᠪᠠᠶᠢᠭᠠᠯᠰᠠᠶᠢᠬᠠᠨ ᠳᠠᠷᠤᠭᠠᠯᠠᠵᠤ᠂ ᠰᠢᠨᠵᠢᠯᠡᠬᠦ ᠤᠬᠠᠭᠠᠨ ᠤ ᠠᠺᠠᠳ᠋ᠸᠮᠢ ᠶᠢᠨ ᠬᠡᠯᠡ ᠵᠣᠬᠢᠶᠠᠯ ᠤᠨ ᠬᠦᠷᠢᠶᠡᠯᠡᠩ ᠦᠨ ᠵᠠᠬᠢᠷᠤᠯ᠂ ᠳ᠋ᠣᠺᠲ᠋ᠣᠷ ᠭ∙ᠪᠡᠯᠭᠦᠳᠡᠢ᠂ ︽ᠶᠠᠪᠤᠭᠤᠬᠤᠯᠠᠩ︾ ᠰᠠᠩ ᠤᠨ ᠲᠡᠷᠢᠭᠦᠨ ᠡ᠊∙ᠴᠢᠩᠵᠣᠷᠢᠭ ᠨᠠᠷ ᠨᠡᠭᠡᠭᠡᠵᠦ ᠦᠭᠡ ᠬᠡᠯᠡᠪᠡ᠃
ᠬᠤᠷᠠᠯ ᠳᠤ ᠰᠤᠶᠤᠯ ᠤᠨ ᠭᠠᠪᠢᠶᠠᠲᠤ ᠵᠢᠳᠬᠦᠯᠲᠡᠨ᠂ ᠡᠷᠳᠡᠮᠲᠡᠨ ᠵᠣᠬᠢᠶᠠᠯᠴᠢ ᠳ∙ᠴᠡᠳᠡᠪ ︽ᠪ∙ᠶᠠᠪᠤᠭᠤᠬᠤᠯᠠᠩ  ᠤᠨ <ᠪᠢ ᠬᠠᠮᠢᠭ᠎ᠠ ᠲᠦᠷᠦᠭᠡ ᠪᠤᠢ> ᠳᠠᠭᠤᠯᠠᠯ ᠤᠨ ᠤᠷ᠎ᠠ ᠴᠢᠳᠠᠪᠤᠷᠢ ᠶᠢ ᠡᠬᠡ ᠪᠢᠴᠢᠭ ᠰᠤᠳᠤᠯᠤᠯ ᠤᠨ ᠡᠭᠦᠳᠡᠨ ᠡᠴᠡ ᠰᠢᠨᠵᠢᠯᠡᠬᠦᠢ︾᠂ ᠵ∙ᠰᠠᠷᠠᠭᠤᠯᠪᠤᠶᠠᠨ ︽ᠪ∙ᠶᠠᠪᠤᠭᠤᠬᠤᠯᠠᠩ  ᠤᠨ ᠬᠤᠷᠮᠤᠰᠲᠠ ᠲᠩᠷᠢ ᠶᠢᠨ ᠥᠭᠭᠦᠯᠵᠢᠲᠦ ᠰᠢᠯᠦᠭ ᠦᠳ ᠦᠨ ᠢᠷᠠᠭᠤ ᠰᠠᠶᠢᠬᠠᠨ ᠤ ᠣᠨᠴᠠᠯᠢᠭ︾᠂ ᠬᠡᠯᠡ ᠵᠣᠬᠢᠶᠠᠯ ᠤᠨ ᠬᠦᠷᠢᠶᠡᠯᠡᠩ ᠦᠨ ᠲᠦᠪᠡᠳ ᠰᠤᠳᠤᠯᠤᠯ ᠤᠨ ᠰᠠᠯᠪᠤᠷᠢ ᠶᠢᠨ ᠡᠷᠬᠢᠯᠡᠭᠴᠢ᠂ ᠳ᠋ᠣᠺᠲ᠋ᠣᠷ ᠳ∙ᠰᠤᠮᠢᠶ᠎ᠠ ︽ᠪ∙ᠶᠠᠪᠤᠭᠤᠬᠤᠯᠠᠩ  ᠤᠨ ᠰᠢᠯᠦᠭ <ᠲᠡᠮᠡᠭᠡᠨ ᠲᠣᠭᠠᠲᠠᠢ ᠶᠢᠨ> ᠤᠴᠢᠷ︾᠂ ᠳ᠋ᠣᠺᠲ᠋ᠣᠷ ᠬ∙ᠰᠦᠭᠯᠡᠭᠮᠠ ︽ᠬᠣᠷᠢᠳᠤᠭᠠᠷ ᠵᠠᠭᠤᠨ ᠤ ᠤᠷᠠᠨ ᠵᠣᠬᠢᠶᠠᠯ  ᠳ᠋ᠡᠬᠢ ᠦᠭᠡ ᠵᠣᠬᠢᠶᠠᠯ ᠪᠠ ᠪ∙ᠶᠠᠪᠤᠭᠤᠬᠤᠯᠠᠩ ︾᠂ ᠮᠤᠩᠭᠤᠯ ᠤᠯᠤᠰ ᠤᠨ ᠪᠤᠯᠪᠠᠰᠤᠷᠠᠯ ᠤᠨ ᠶᠡᠬᠡ ᠰᠤᠷᠭᠠᠭᠤᠯᠢ ᠶᠢᠨ  ᠳ᠋ᠣᠺᠲ᠋ᠣᠷ᠂ ᠫᠷᠣᠹᠧᠰᠰᠣᠷ ᠭ∙ᠪᠠᠲᠤᠰᠠᠭᠤᠷᠢ ︽ᠪ∙ᠶᠠᠪᠤᠭᠤᠬᠤᠯᠠᠩ  ᠤᠨ ᠢᠷᠠᠭᠤ ᠨᠠᠶᠢᠷᠠᠭ ᠲᠤ ᠱᠢᠽᠣ ᠵᠠᠳᠠᠯᠤᠯ ᠤᠨ ᠲᠠᠯ᠎ᠠ ᠠᠴᠠ ᠬᠠᠨᠳᠤᠬᠤ ᠨᠢᠭᠡ ᠬᠤᠪᠢᠯᠪᠤᠷᠢ︾᠂ ᠳ᠋ᠣᠺᠲ᠋ᠣᠷ ᠶᠠ᠊∙ᠪᠠᠭᠠᠲᠤᠷ ︽ᠪ∙ᠶᠠᠪᠤᠭᠤᠬᠤᠯᠠᠩ  ᠤᠨ ᠵᠣᠬᠢᠶᠠᠯ ᠤᠨ ᠭᠠᠷ ᠪᠢᠴᠢᠮᠡᠯ ᠢ ᠠᠵᠢᠭᠯᠠᠬᠤ ᠨᠢ︾ ᠵᠡᠷᠭᠡ ᠰᠣᠨᠢᠷᠬᠠᠯᠲᠠᠢ ᠢᠯᠡᠳᠬᠡᠯ ᠦᠳ ᠲᠠᠯᠪᠢᠯ᠎ᠠ᠃ ᠬᠤᠷᠠᠯ ᠢ ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠲᠠᠮᠠᠭ᠎ᠠ ᠶᠢᠨ ᠭᠠᠵᠠᠷ᠂  ᠰᠢᠨᠵᠢᠯᠡᠬᠦ ᠤᠬᠠᠭᠠᠨ ᠤ ᠠᠺᠠᠳ᠋ᠸᠮᠢ ᠶᠢᠨ  ᠬᠡᠯᠡ ᠵᠣᠬᠢᠶᠠᠯ ᠤᠨ ᠬᠦᠷᠢᠶᠡᠯᠡᠩ᠂ ᠤᠯᠠᠭᠠᠨᠪᠠᠭᠠᠲᠤᠷ ᠤᠨ ᠶᠡᠬᠡ ᠰᠤᠷᠭᠠᠭᠤᠯᠢ᠂  ︽ᠶᠠᠪᠤᠭᠤᠬᠤᠯᠠᠩ ︾ ᠰᠠᠩ᠂ ᠮᠣᠩᠭᠣᠯ ᠤᠨ ᠬᠡᠦᠬᠡᠳ ᠦᠨ ᠲᠥᠪ ᠨᠣᠮ ᠤᠨ ᠣᠷᠳᠣᠨ ᠬᠠᠮᠲᠤᠷᠠᠨ ᠵᠣᠬᠢᠶᠠᠨ ᠪᠠᠶᠢᠭᠤᠯᠵᠠᠢ᠃

ᠰᠡᠳᠬᠢᠭᠳᠡᠯ ᠦᠯᠡᠳᠡᠭᠡᠬᠦ