ᠣᠯᠠᠨ ᠤᠯᠤᠰ ᠤᠨ ᠠᠭᠤᠯᠠ ᠶᠢᠨ ᠡᠳᠦᠷ ᠲᠣᠬᠢᠶᠠᠵᠤ ᠪᠠᠶᠢᠨ᠎ᠠ  | News.MN

ᠣᠯᠠᠨ ᠤᠯᠤᠰ ᠤᠨ ᠠᠭᠤᠯᠠ ᠶᠢᠨ ᠡᠳᠦᠷ ᠲᠣᠬᠢᠶᠠᠵᠤ ᠪᠠᠶᠢᠨ᠎ᠠ 

ᠳᠡᠯᠡᠬᠡᠢ ᠶᠢᠨ ᠬᠦᠮᠦᠨ ᠠᠮᠠ ᠶᠢᠨ 15-20 ᠬᠤᠪᠢ ᠶᠢ ᠠᠭᠤᠯᠠ ᠶᠢᠨ ᠪᠥᠰᠡ ᠳᠦ ᠠᠮᠢᠳᠤᠷᠠᠵᠤ ᠪᠤᠢ ᠬᠦᠮᠦᠰ ᠪᠦᠷᠢᠳᠦᠭᠦᠯᠳᠡᠭ᠃ 2003 ᠣᠨ ᠳᠤ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠶᠡᠷᠦᠩᠬᠡᠢ ᠠᠰᠰᠠᠮᠪᠯᠧᠢ ᠪᠠᠷ ︽ᠠᠭᠤᠯᠠ ᠶᠢᠨ ᠬᠦᠮᠦᠰ︾ ᠦᠨ ᠶᠣᠰᠣ ᠵᠠᠩᠰᠢᠯ᠂ ᠰᠤᠶᠤᠯ ᠤᠨ ᠥᠪ ᠢ ᠬᠠᠮᠠᠭᠠᠯᠠᠬᠤ ᠲᠠᠯ᠎ᠠ ᠳᠡᠭᠡᠷ᠎ᠡ ᠠᠩᠬᠠᠷᠤᠯ ᠬᠠᠨᠳᠤᠭᠤᠯᠵᠤ ᠡᠨᠡ ᠲᠤᠬᠠᠢ ᠣᠶᠢᠯᠠᠭᠠᠯᠲᠠ ᠶᠢ ᠨᠡᠮᠡᠭᠳᠡᠭᠦᠯᠬᠦ᠂ ᠮᠥᠨ ᠠᠭᠤᠯᠠ ᠪᠣᠯ ᠳᠡᠯᠡᠬᠡᠢ ᠶᠢᠨ ᠪᠥᠮᠪᠥᠷᠴᠡᠭ ᠦᠨ ᠶᠡᠬᠡᠬᠡᠨ ᠴᠢᠬᠤᠯᠠ ᠡᠭᠦᠷᠭᠡ ᠪᠦᠬᠦᠢ ᠭᠠᠵᠠᠷ ᠨᠤᠲᠤᠭ ᠬᠡᠮᠡᠨ ᠣᠯᠠᠨ ᠨᠡᠶᠢᠲᠡ ᠳᠦ ᠲᠠᠨᠢᠭᠤᠯᠬᠤ ᠵᠣᠷᠢᠯᠭ᠎ᠠ ᠪᠠᠷ ᠵᠢᠯ ᠪᠦᠷᠢ ᠶᠢᠨ ᠠᠷᠪᠠᠨ ᠬᠣᠶᠠᠳᠤᠭᠠᠷ ᠰᠠᠷ᠎ᠠ ᠶᠢᠨ 11 ᠍ ᠦ ᠡᠳᠦᠷ ᠢ ᠲᠡᠮᠳᠡᠭᠯᠡᠳᠡᠭ ᠪᠣᠯᠵᠠᠢ᠃ ᠡᠭᠦᠨ ᠡᠴᠡ ᠬᠣᠶᠢᠰᠢ ᠵᠢᠯ ᠪᠦᠷᠢ ᠲᠤᠬᠠᠢ ᠶᠢᠨ ᠡᠳᠦᠷ ᠢ ᠲᠣᠳᠣᠷᠬᠠᠢ ᠰᠡᠳᠦᠪ ᠦᠨ ᠬᠦᠷᠢᠶᠡᠨ ᠳᠦ ᠲᠡᠮᠳᠡᠭᠯᠡᠵᠦ ᠢᠷᠡᠭᠰᠡᠨ ᠪᠠᠶᠢᠨ᠎ᠠ᠃
2019 ᠣᠨ ᠤ ᠣᠯᠠᠨ ᠤᠯᠤᠰ ᠤᠨ ᠠᠭᠤᠯᠠ ᠶᠢᠨ ᠡᠳᠦᠷ ᠦᠨ ᠰᠡᠳᠦᠪ ᠢᠶᠡᠷ Mountains matter for youth ᠬᠡᠮᠡᠵᠦ᠂ ᠢᠷᠡᠭᠡᠳᠦᠢ ᠶᠢ ᠥᠭᠡᠷᠡᠴᠢᠯᠡᠬᠦ ᠵᠠᠯᠠᠭᠤᠴᠤᠳ ᠲᠤ ᠬᠠᠨᠳᠤᠭᠰᠠᠨ ᠬᠡᠦᠬᠡᠳ᠂ ᠵᠠᠯᠠᠭᠤ ᠦᠶ᠎ᠡ ᠳᠦ ᠠᠭᠤᠯᠠ ᠪᠣᠯ ᠴᠡᠪᠡᠷ ᠤᠰᠤ᠂ ᠴᠡᠪᠡᠷ ᠡᠷᠴᠢᠮ ᠬᠦᠴᠦ᠂ ᠬᠣᠭᠣᠯᠠ ᠬᠦᠨᠡᠰᠦ᠂ ᠡᠷᠬᠡ ᠴᠢᠯᠦᠭᠡᠨ ᠦ ᠡᠬᠢ ᠡᠭᠦᠰᠪᠦᠷᠢ᠂ ᠣᠷᠣᠨ ᠵᠠᠢ ᠭᠡᠳᠡᠭ ᠢ ᠣᠶᠢᠯᠠᠭᠠᠭᠤᠯᠬᠤ ᠤᠬᠠᠮᠰᠠᠷᠯᠠᠭᠤᠯᠬᠤ ᠵᠣᠷᠢᠯᠭ᠎ᠠ ᠲᠠᠢ᠂ ᠡᠨᠡ ᠡᠳᠦᠷ ᠢ ᠲᠡᠮᠳᠡᠭᠯᠡᠨ ᠥᠩᠭᠡᠷᠡᠭᠦᠯᠬᠦ ᠭᠡᠵᠦ ᠪᠠᠶᠢᠭ᠎ᠠ ᠶᠤᠮ᠃

ᠰᠡᠳᠬᠢᠭᠳᠡᠯ ᠦᠯᠡᠳᠡᠭᠡᠬᠦ