ᠮ᠂ ᠲᠦᠮᠡᠨᠪᠠᠶᠠᠷ ︽ᠤᠨ ᠤ ᠰᠢᠯᠢᠳᠡᠭ ᠲᠠᠮᠢᠷᠴᠢᠨ︾ ᠪᠤᠯᠪᠠ  | News.MN

ᠮ᠂ ᠲᠦᠮᠡᠨᠪᠠᠶᠠᠷ ︽ᠤᠨ ᠤ ᠰᠢᠯᠢᠳᠡᠭ ᠲᠠᠮᠢᠷᠴᠢᠨ︾ ᠪᠤᠯᠪᠠ 

ᠮᠣᠩᠭᠣᠯ ᠤᠨ ᠣᠶᠤᠲᠠᠨ ᠤ ᠰᠫᠣᠷᠲ ᠤᠨ ᠬᠣᠯᠪᠣᠭᠠᠨ ᠤ 2019 ᠣᠨ ᠤ ᠰᠢᠯᠢᠳᠡᠭ ᠦᠨ ᠰᠢᠯᠢᠳᠡᠭ ᠲᠠᠮᠢᠷᠴᠢᠨ ᠢᠶᠠᠷ ᠲᠠᠺᠤᠸᠠᠨᠳᠤ᠋ ᠶᠢᠨ ᠦᠨᠳᠦᠰᠦᠨ ᠦ ᠰᠢᠭᠰᠢᠭᠡ ᠪᠠᠭ᠂ ︽ᠠᠯᠳᠠᠷ︾ ᠰᠫᠣᠷᠲ ᠬᠣᠷᠢᠶᠠᠨ ᠤ ᠲᠠᠮᠢᠷᠴᠢᠨ᠂ ᠣᠯᠠᠨ ᠤᠯᠤᠰ ᠤᠨ ᠬᠡᠮᠵᠢᠶᠡᠨ ᠦ ᠮᠠᠰᠲ᠋ᠸᠷ ᠮ∙ᠲᠦᠮᠡᠨᠪᠠᠶᠠᠷ ᠰᠢᠯᠭᠠᠷᠠᠯ᠎ᠠ᠃
ᠠᠽᠢᠶ᠎ᠠ ᠶᠢᠨ ᠨᠠᠭᠠᠳᠤᠮ ᠤᠨ 17 ᠳ᠋ᠤᠭᠠᠷ ᠨᠠᠭᠠᠳᠤᠮ ᠤᠨ ᠬᠦᠷᠡᠯ ᠮᠸᠳᠠᠯᠲᠤ ᠮ∙ᠲᠦᠮᠡᠨᠪᠠᠶᠠᠷ 2019 ᠣᠨ ᠳᠤ ᠢᠲ᠋ᠠᠯᠢ ᠤᠯᠤᠰ ᠲᠤ ᠪᠣᠯᠤᠭᠰᠠᠨ ᠳᠡᠯᠡᠬᠡᠢ ᠶᠢᠨ ᠣᠶᠤᠲᠠᠨ ᠤ ᠵᠤᠨ ᠤ ᠰᠫᠣᠷᠲ ᠤᠨ 30 ᠳ᠋ᠤᠭᠠᠷ ᠨᠠᠭᠠᠳᠤᠮ ᠠᠴᠠ ᠮᠥᠩᠭᠥᠨ ᠮᠧᠳᠠᠯ ᠬᠦᠷᠲᠡᠭᠰᠡᠨ ᠶᠤᠮ᠃ ᠡᠨᠡ ᠨᠢ 2019 ᠣᠨ ᠤ ᠣᠨᠴᠠᠯᠠᠬᠤ ᠠᠮᠵᠢᠯᠲᠠ ᠲᠡᠳᠦᠢ ᠦᠭᠡᠢ ᠮᠣᠩᠭᠣᠯ ᠤᠨ ᠲᠠᠺᠤᠸᠠᠨᠳᠤ᠋ ᠶᠢᠨ ᠲᠡᠦᠬᠡᠨ ᠳᠦ ᠨᠢᠭᠡᠨ ᠰᠢᠨ᠎ᠡ ᠬᠠᠭᠤᠳᠠᠰᠤ ᠨᠡᠭᠡᠭᠡᠭᠰᠡᠨ ᠠᠮᠵᠢᠯᠲᠠ ᠭᠡᠳᠡᠭ ᠢᠶᠡᠷ ᠢᠶᠡᠨ ᠣᠨᠴᠠᠯᠢᠭ ᠲᠠᠢ᠃

ᠰᠡᠳᠬᠢᠭᠳᠡᠯ ᠦᠯᠡᠳᠡᠭᠡᠬᠦ