ᠵᠠᠰᠠᠭ ᠤᠨ ᠭᠠᠵᠠᠷ ᠤᠨ ᠡᠭᠡᠯᠵᠢᠲᠦ ᠬᠤᠷᠠᠯᠳᠤᠭᠠᠨ ᠪᠣᠯᠤᠯ᠎ᠠ  | News.MN

ᠵᠠᠰᠠᠭ ᠤᠨ ᠭᠠᠵᠠᠷ ᠤᠨ ᠡᠭᠡᠯᠵᠢᠲᠦ ᠬᠤᠷᠠᠯᠳᠤᠭᠠᠨ ᠪᠣᠯᠤᠯ᠎ᠠ 

– ᠭᠠᠵᠠᠷ ᠤᠨ ᠲᠣᠰᠣ ᠪᠣᠯᠪᠠᠰᠤᠷᠠᠭᠤᠯᠬᠤ ᠦᠢᠯᠡᠳᠪᠦᠷᠢ ᠶᠢ ᠲᠦᠭᠦᠬᠡᠢ ᠡᠳ᠋ ᠍ ᠢᠶᠡᠷ ᠲᠠᠰᠤᠷᠠᠯᠲᠠ ᠦᠭᠡᠢ᠂ ᠨᠠᠶᠢᠳᠠᠪᠤᠷᠢᠲᠠᠢ ᠬᠠᠩᠭᠠᠵᠤ ᠪᠠᠶᠢᠬᠤ ᠵᠣᠷᠢᠯᠭ᠎ᠠ ᠪᠠᠷ ᠪᠦᠲᠦᠭᠡᠭᠳᠡᠬᠦᠨ ᠬᠤᠪᠢᠶᠠᠬᠤ ᠭᠡᠷ᠎ᠡ ᠶᠢᠨ ᠳᠠᠭᠠᠤ ᠭᠠᠵᠠᠷ ᠤᠨ ᠲᠣᠰᠤᠨ ᠤ ᠬᠠᠶᠢᠭᠤᠯ ᠬᠢᠵᠦ ᠪᠠᠶᠢᠭ᠎ᠠ ᠠᠵᠤ ᠠᠬᠤᠢ ᠶᠢᠨ ᠨᠢᠭᠡᠴᠡ ᠶᠢ ᠳᠡᠮᠵᠢᠬᠦ᠂ ᠠᠵᠢᠯ ᠢ ᠨᠢ ᠡᠷᠴᠢᠮᠵᠢᠭᠦᠯᠬᠦ᠂ ᠭᠠᠵᠠᠷ ᠤᠨ ᠲᠣᠰᠤᠨ ᠤ ᠨᠥᠭᠡᠴᠡ ᠶᠢ ᠨᠡᠮᠡᠭᠳᠡᠭᠦᠯᠬᠦ ᠵᠡᠷᠭᠡ ᠴᠢᠭᠯᠡᠯ ᠢᠶᠡᠷ ᠠᠵᠢᠯᠯᠠᠬᠤ ᠶᠢ ᠬᠣᠯᠪᠣᠭᠳᠠᠬᠤ ᠰᠠᠶᠢᠳ᠂ ᠠᠭᠧᠨᠲᠯᠢᠭ᠂ ᠪᠦᠬᠦ ᠱᠠᠲᠤᠨ ᠤ ᠵᠠᠰᠠᠭ ᠳᠠᠷᠤᠭ᠎ᠠ ᠨᠠᠷ ᠲᠤ ᠳᠠᠭᠠᠭᠠᠯᠭᠠᠪᠠ᠃
– ︽ᠲᠧᠷᠷᠣᠷᠢᠰᠮ ᠲᠡᠢ ᠲᠡᠮᠡᠴᠡᠬᠦ ᠳᠦ ᠬᠠᠮᠲᠤᠷᠠᠨ ᠠᠵᠢᠯᠯᠠᠬᠤ ᠲᠤᠬᠠᠢ ᠮᠣᠩᠭᠣᠯ ᠤᠯᠤᠰ᠂ ᠣᠷᠣᠰ ᠬᠣᠯᠪᠣᠭᠠᠨ ᠤ ᠤᠯᠤᠰ ᠤᠨ ᠵᠠᠰᠠᠭ ᠤᠨ ᠭᠠᠵᠠᠷ ᠬᠣᠭᠣᠷᠣᠨᠳᠣ ᠶᠢᠨ ᠬᠡᠯᠡᠯᠴᠡᠭᠡᠷ︾᠍ ᠢ ᠪᠠᠲᠤᠯᠠᠪᠠ᠃ ᠮᠥᠨ ᠪᠦᠭᠦᠳᠡ ᠨᠠᠶᠢᠷᠠᠮᠳᠠᠬᠤ ᠬᠠᠰᠠᠭᠰᠲ᠋ᠠᠨ ᠤᠯᠤᠰ ᠲᠠᠢ ᠪᠠᠶᠢᠭᠤᠯᠤᠭᠰᠠᠨ ᠬᠡᠯᠡᠯᠴᠡᠭᠡᠷ ᠢ ᠪᠠᠲᠤᠯᠠᠯ᠎ᠠ᠃
– ᠮᠣᠩᠭᠣᠯ ᠤᠯᠤᠰ᠂ ᠪᠦᠭᠦᠳᠡ ᠨᠠᠶᠢᠷᠠᠮᠳᠠᠬᠤ ᠹᠷᠠᠨᠼᠢ ᠤᠯᠤᠰ ᠤᠨ ᠵᠠᠰᠠᠭ ᠤᠨ ᠭᠠᠵᠠᠷ ᠬᠣᠭᠣᠷᠣᠨᠳᠣ ᠪᠠᠶᠢᠭᠤᠯᠤᠭᠰᠠᠨ ᠰᠠᠩᠬᠦᠦ ᠶᠢᠨ ᠬᠡᠯᠡᠯᠴᠡᠭᠡᠷ ᠢ ᠰᠣᠶᠣᠷᠬᠠᠨ ᠪᠠᠲᠤᠯᠠᠬᠤ ᠲᠤᠬᠠᠢ ᠬᠠᠤᠯᠢ ᠶᠢᠨ ᠲᠥᠰᠥᠯ ᠢ ᠳᠡᠮᠵᠢᠵᠦ ᠤᠯᠤᠰ ᠤᠨ ᠶᠡᠬᠡ ᠬᠤᠷᠠᠯ ᠳᠦ ᠡᠷᠭᠦᠨ ᠮᠡᠳᠡᠭᠦᠯᠬᠦ ᠪᠡᠷ ᠪᠣᠯᠪᠠ᠃ ᠲᠥᠰᠥᠯ ᠪᠠᠲᠤᠯᠠᠭᠳᠠᠪᠠᠯ ᠬᠡᠲᠦ ᠬᠦᠢᠲᠡᠨ ᠳᠦ ᠭᠠᠯ  ᠤᠨᠲᠠᠷᠠᠭᠠᠬᠤ ᠲᠤᠰᠬᠠᠢ ᠵᠣᠷᠢᠭᠤᠯᠤᠯᠲᠠ ᠶᠢᠨ 40 ᠭᠠᠷᠤᠢ ᠮᠠᠰᠢᠨ ᠨᠡᠶᠢᠯᠡᠭᠦᠯᠦᠨ᠎ᠡ᠃ ᠮᠥᠨ Airbus EC-145 ᠵᠠᠭᠪᠤᠷ ᠤᠨ ᠭᠤᠷᠪᠠᠨ ᠨᠢᠰᠬᠦ ᠣᠩᠭᠣᠴᠠ ᠲᠠᠢ ᠪᠣᠯᠬᠤ ᠶᠤᠮ᠃

– ᠪᠠᠲᠤᠯᠠᠨ ᠬᠠᠮᠠᠭᠠᠯᠠᠬᠤ ᠰᠠᠯᠪᠤᠷᠢ ᠳᠤ ᠬᠠᠮᠲᠤᠷᠠᠨ ᠠᠵᠢᠯᠯᠠᠬᠤ ᠲᠤᠬᠠᠢ ᠮᠣᠩᠭᠣᠯ ᠤᠯᠤᠰ᠂ ᠪᠦᠭᠦᠳᠡ ᠨᠠᠶᠢᠷᠠᠮᠳᠠᠬᠤ ᠰᠤᠽᠢᠶᠠᠯᠢᠰᠲ ᠸᠢᠶᠧᠲ᠋ᠨᠠᠮ ᠤᠯᠤᠰ ᠤᠨ ᠵᠠᠰᠠᠭ ᠤᠨ ᠭᠠᠵᠠᠷ ᠬᠣᠭᠣᠷᠣᠨᠳᠣ ᠶᠢᠨ ᠬᠡᠯᠡᠯᠴᠡᠭᠡᠷ︾᠍ ᠦᠨ ᠲᠥᠰᠥᠯ ᠢ ᠳᠡᠮᠵᠢᠪᠡ᠃
– ᠠᠺᠠᠳᠧᠮᠢᠴᠢ ᠪ∙ᠪᠢᠮᠪᠠ ᠶᠢᠨ ︽ᠫᠠᠷᠠᠽᠢᠲ ᠡᠪᠡᠳᠴᠢᠲᠡᠢ ᠮᠠᠯ ᠢ ᠡᠮᠴᠢᠯᠡᠬᠦ᠂ ᠰᠡᠷᠭᠡᠶᠢᠯᠡᠬᠦ ᠳᠡᠪᠰᠢᠯᠲᠡᠲᠦ ᠲᠧᠭᠨᠣᠯᠣᠭᠢ︾ ᠪᠦᠲᠦᠭᠡᠯ ᠳᠦ ᠰᠢᠨᠵᠢᠯᠡᠬᠦ ᠤᠬᠠᠭᠠᠨ᠂ ᠲᠧᠭᠨᠣᠯᠣᠭᠢ ᠶᠢᠨ ᠰᠠᠯᠪᠤᠷᠢ ᠶᠢᠨ 2019 ᠣᠨ ᠤ  ︽ᠲᠧᠭᠨᠣᠯᠣᠭᠢ ᠶᠢᠨ ᠳᠡᠪᠰᠢᠯ ᠦᠨ ᠱᠠᠩᠨᠠᠯ︾ ᠣᠯᠭᠤᠬᠤ ᠪᠠᠷ ᠰᠢᠢᠳᠪᠦᠷᠢᠯᠡᠪᠡ᠃

– 2020 ᠣᠨ ᠳᠤ ᠮᠣᠩᠭᠣᠯ ᠤᠯᠤᠰ ᠤᠨ ᠵᠡᠪᠰᠡᠭᠲᠦ ᠬᠦᠴᠦᠨ ᠪᠦᠭᠦᠳᠡ ᠨᠠᠶᠢᠷᠠᠮᠳᠠᠬᠤ ᠡᠮᠦᠨᠡᠲᠦ ᠰᠦᠳᠠᠨ᠂ ᠢᠰᠯᠠᠮ ᠤᠨ ᠪᠦᠭᠦᠳᠡ ᠨᠠᠶᠢᠷᠠᠮᠳᠠᠬᠤ ᠠᠹᠭᠠᠨᠢᠰᠲ᠋ᠠᠨ ᠤᠯᠤᠰ ᠲᠤ ᠡᠩᠬᠡ ᠶᠢ ᠳᠡᠮᠵᠢᠬᠦ ᠪᠣᠯᠤᠨ ᠣᠯᠠᠨ ᠤᠯᠤᠰ ᠤᠨ ᠴᠡᠷᠢᠭ ᠦᠨ ᠠᠵᠢᠯᠯᠠᠭᠠᠨ ᠳᠤ ᠠᠯᠪᠠ ᠬᠠᠭᠠᠭᠴᠢᠳ ᠢᠶᠠᠨ ᠣᠷᠤᠯᠴᠠᠭᠤᠯᠤᠨ᠎ᠠ᠃
– ᠶᠡᠬᠡ ᠮᠣᠩᠭᠣᠯ ᠤᠯᠤᠰ ᠤᠨ ᠨᠡᠶᠢᠰᠯᠡᠯ ᠬᠠᠷᠠᠬᠣᠷᠣᠮ ᠬᠣᠲᠠ ᠪᠠᠶᠢᠭᠤᠯᠤᠭᠳᠠᠭᠰᠠᠨ ᠤ 800 ᠵᠢᠯ ᠦᠨ ᠣᠢ ᠶᠢ 2020 ᠣᠨ ᠳᠤ ᠲᠡᠮᠳᠡᠭᠯᠡᠬᠦ ᠪᠡᠷ ᠪᠣᠯᠪᠠ᠃ ᠣᠢ ᠶᠢ ᠲᠡᠮᠳᠡᠭᠯᠡᠨ ᠥᠩᠭᠡᠷᠡᠭᠦᠯᠬᠦ ᠠᠵᠢᠯ ᠢ ᠤᠳᠤᠷᠢᠳᠤᠨ ᠵᠣᠬᠢᠶᠠᠨ ᠪᠠᠶᠢᠭᠤᠯᠬᠤ ᠬᠣᠷᠢᠶᠠᠨ ᠤ ᠳᠠᠷᠤᠭ᠎ᠠ ᠪᠠᠷ ᠮᠣᠩᠭᠣᠯ ᠤᠯᠤᠰ ᠤᠨ ᠰᠠᠶᠢᠳ᠂ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠯ∙ᠣᠶᠤᠨ-ᠡᠷᠳᠡᠨᠢ ᠶᠢ ᠲᠤᠮᠢᠯᠠᠪᠠ᠃

ᠰᠡᠳᠬᠢᠭᠳᠡᠯ ᠦᠯᠡᠳᠡᠭᠡᠬᠦ