ᠫ∙ᠠᠨᠤᠵᠢᠨ ᠭᠢᠲ᠋ᠠᠷᠴᠢᠨ ᠳ∙ᠥᠯᠵᠡᠢ-ᠣᠷᠣᠰᠢᠬᠤ ᠶᠢ ᠰᠣᠩᠭᠣᠵᠠᠢ  | News.MN

ᠫ∙ᠠᠨᠤᠵᠢᠨ ᠭᠢᠲ᠋ᠠᠷᠴᠢᠨ ᠳ∙ᠥᠯᠵᠡᠢ-ᠣᠷᠣᠰᠢᠬᠤ ᠶᠢ ᠰᠣᠩᠭᠣᠵᠠᠢ 

︽ᠮᠣᠩᠭᠣᠯ ᠲᠤᠯᠭᠠᠲᠠᠨ ᠤ 100 ᠡᠷᠬᠢᠮ ︾ ᠲᠥᠰᠥᠯ ᠢ ᠰᠠᠨᠠᠭᠠᠴᠢᠯᠠᠭᠴᠢ ᠫ∙ᠠᠨᠤᠵᠢᠨ ᠡᠳᠦᠭᠡ ᠥᠪᠡᠷ ᠦᠨ ︽ᠮᠣᠩᠭᠠᠯ ᠲᠣᠪᠴᠢᠶᠠᠨ︾ ᠨᠡᠪᠲᠡᠷᠡᠭᠦᠯᠭᠡ ᠶᠢ ᠪᠡᠯᠡᠳᠬᠡᠨ ᠬᠦᠷᠭᠡᠵᠦ ᠪᠤᠢ ᠪᠢᠯᠡ᠃ ᠲᠡᠭᠦᠨ ᠦ ᠨᠡᠪᠲᠡᠷᠡᠭᠦᠯᠭᠡ ᠶᠢᠨ ᠰᠢᠨ᠎ᠡ ᠬᠥᠲᠥᠯᠥᠭᠴᠢ ᠪᠡᠷ ︽ᠨᠢᠺᠢᠲ᠋ᠣᠨ︾ ᠬᠠᠮᠲᠤᠯᠢᠭ ᠤᠨ ᠬᠥᠭᠵᠢᠮᠴᠢᠨ᠂ ᠠᠶ᠎ᠠ ᠵᠣᠬᠢᠶᠠᠭᠴᠢ᠂ ᠭᠢᠲ᠋ᠠᠷᠴᠢᠨ ᠳ∙ᠥᠯᠵᠡᠢ-ᠤᠷᠤᠰᠢᠬᠤ ᠠᠵᠢᠯᠯᠠᠬᠤ ᠪᠠᠷ ᠪᠣᠯᠤᠭᠰᠠᠨ ᠭᠡᠨ᠎ᠡ᠃ ︽ᠮᠣᠩᠭᠠᠯ ᠲᠣᠪᠴᠢᠶᠠᠨ︾ ᠲᠥᠰᠥᠯ ᠨᠢ ᠶᠠᠭ ᠥᠨᠥ ᠦᠶ᠎ᠡ ᠳᠦ ᠢᠳᠡ ᠬᠢᠵᠦ᠂ ᠪᠦᠲᠦᠭᠡᠵᠦ᠂ ᠠᠮᠵᠢᠯᠲᠠ ᠦᠵᠡᠭᠦᠯᠵᠦ ᠶᠠᠪᠤᠭ᠎ᠠ ᠰᠠᠯᠪᠤᠷᠢ ᠰᠠᠯᠪᠤᠷᠢ ᠶᠢᠨ ᠰᠢᠯᠢᠳᠡᠭ 500 ᠭᠠᠷᠤᠢ ᠬᠦᠮᠦᠨ ᠡᠴᠡ 81 ᠵᠠᠯᠠᠭᠤᠰ ᠢ ᠰᠣᠩᠭᠣᠨ ᠠᠪᠴᠤ᠂ ᠲᠡᠳᠡᠨ ᠦ ᠲᠡᠦᠬᠡ ᠶᠢ ᠪᠢᠴᠢᠵᠦ ᠦᠯᠡᠳᠡᠭᠡᠵᠦ ᠪᠤᠢ ᠪᠠᠷᠢᠮᠲᠠᠲᠤ ᠺᠢᠨᠣ᠋ ᠲᠥᠷᠥᠯ ᠦᠨ ᠤᠷᠠᠨ ᠪᠦᠲᠦᠭᠡᠯ ᠭᠡᠳᠡᠭ ᠢᠶᠡᠷ ᠢᠶᠡᠨ ᠣᠨᠴᠠᠯᠢᠭ ᠠᠵᠠᠢ ᠃
ᠰᠢᠨᠡᠬᠡᠨ ᠨᠡᠪᠲᠡᠷᠡᠭᠦᠯᠭᠡ ᠶᠢᠨ ᠢᠶᠡᠨ ᠲᠠᠯ᠎ᠠ ᠪᠠᠷ ᠬᠥᠲᠥᠯᠥᠭᠴᠢ ᠫ∙ᠠᠨᠤᠵᠢᠨ ᠥᠪᠡᠷ ᠦᠨ ᠨᠢᠭᠤᠷ ᠨᠣᠮ ᠳᠤ ᠪᠢᠴᠢᠬᠦ ᠳᠦ ᠪᠡᠨ ᠄ ᠡᠨᠡ ᠥᠵᠦᠭᠡᠢ  ︽ᠰᠣᠨᠢᠨ ᠨᠥᠬᠥᠷ︾ ᠪᠠᠶᠢᠨ᠎ᠠ ᠯᠡ ᠁ ᠥᠵᠦᠭᠡᠢ ᠪᠢᠳᠡᠨ ᠬᠣᠶᠠᠷ ᠲᠠᠶᠢᠰᠠᠨ᠎ᠠ᠃ ᠲᠤᠩ ᠤᠳᠠᠬᠤ ᠦᠭᠡᠢ ᠭᠡᠵᠡᠢ ᠃ ︽ᠮᠣᠩᠭᠣᠯ ᠺᠢᠨᠣ᠋ ︾ ᠫᠢᠺᠴᠸᠷᠰ᠂ Dual Zet  ᠰᠲ᠋ᠤᠳᠢ ᠶᠢᠨ ᠬᠠᠮᠲᠤᠷᠠᠨ ᠪᠦᠲᠦᠭᠡᠳᠡᠭ ︽ᠮᠣᠩᠭᠠᠯ ᠲᠣᠪᠴᠢᠶᠠᠨ︾ ᠲᠤᠭᠤᠷ ᠤᠨ ᠨᠠᠢᠮᠠᠳᠠᠬᠢ ᠳ᠋ᠤᠭᠠᠷ  ᠤᠳᠠᠬᠤ ᠦᠭᠡᠢ ᠲᠸᠯᠸᠢᠰ ᠦᠳ ᠢᠶᠡᠷ ᠭᠠᠷᠴᠤ ᠡᠬᠢᠯᠡᠬᠦ ᠨᠢ ᠡ᠃ ᠰᠣᠨᠢᠷᠬᠠᠭᠤᠯᠬᠤ ᠳᠤ᠂ ︽ᠮᠣᠩᠭᠠᠯ ᠲᠣᠪᠴᠢᠶᠠᠨ︾ ᠪᠠᠷᠢᠮᠲᠠᠲᠤ ᠨᠡᠪᠲᠡᠷᠡᠭᠦᠯᠭᠡ ᠶᠢᠨ ᠡᠬᠢᠨ ᠦ ᠳ᠋ᠤᠭᠠᠷ ᠤᠨ ᠵᠣᠴᠢᠨ ᠢᠶᠠᠷ ᠤᠯᠤᠰ ᠤᠨ ᠳ᠋ᠷᠠᠮ ᠤᠨ ᠡᠷᠳᠡᠮ ᠦᠨ ᠲᠢᠶᠠᠲ᠋ᠷ ᠤᠨ ᠶᠡᠷᠦᠩᠬᠡᠢ ᠨᠠᠶᠢᠷᠠᠭᠤᠯᠤᠭᠴᠢ ᠲᠥᠷᠥ ᠶᠢᠨ  ᠰᠤᠶᠤᠷᠬᠠᠯᠲᠤ ᠨ∙ᠨᠠᠷᠠᠨᠪᠠᠭᠠᠲᠤᠷ᠂ ᠬᠤᠶᠠᠳᠠᠬᠢ ᠳ᠋ᠤᠭᠠᠷ ᠤᠨ ᠵᠣᠴᠢᠨ ᠢᠶᠠᠷ ᠺᠢᠦᠺᠦᠰᠢᠦᠽᠠᠨ ᠳ ᠂ ᠪᠠᠲᠤᠪᠠᠶᠠᠷ ᠣᠷᠣᠯᠴᠠᠭᠰᠠᠨ ᠪᠣᠯ  ᠭᠤᠷᠪᠠᠳᠠᠬᠢ ᠳ᠋ᠤᠭᠠᠷ ᠤᠨ ᠵᠣᠴᠢᠨ ᠢᠶᠠᠷ ᠮᠣᠩᠭᠣᠯ ᠤᠯᠤᠰ ᠤᠨ ᠶᠡᠷᠦᠩᠬᠡᠢ ᠰᠠᠶᠢᠳ ᠠᠰᠠᠨ᠂ ᠡᠳ᠋  ᠦᠨ ᠵᠠᠰᠠᠭᠴᠢ ᠷ∙ᠠᠮᠤᠷᠵᠢᠷᠭᠠᠯ ᠤᠷᠢᠭᠳᠠᠨ ᠣᠷᠣᠯᠴᠠᠭᠰᠠᠨ ᠪᠠᠶᠢᠳᠠᠭ᠃

ᠰᠡᠳᠬᠢᠭᠳᠡᠯ ᠦᠯᠡᠳᠡᠭᠡᠬᠦ