ᠳᠠᠭᠤᠴᠢᠨ ᠣ᠊∙ᠠᠩᠬᠡᠪᠠᠶᠠᠷ᠂ ᠪ∙ᠬᠠᠯᠢᠭᠤᠨ ᠤ ᠷᠸᠫᠫᠸᠷ ᠬᠦᠦ  | News.MN

ᠳᠠᠭᠤᠴᠢᠨ ᠣ᠊∙ᠠᠩᠬᠡᠪᠠᠶᠠᠷ᠂ ᠪ∙ᠬᠠᠯᠢᠭᠤᠨ ᠤ ᠷᠸᠫᠫᠸᠷ ᠬᠦᠦ 

《ᠺᠢᠸᠢ 》 ᠬᠠᠮᠲᠤᠯᠢᠭ ᠠᠴᠠ ᠡᠷᠦᠬᠡ ᠲᠤᠰᠠᠭᠠᠷᠯᠠᠭᠰᠠᠨ ᠳᠠᠭᠤᠴᠢᠨ ᠪ∙ᠬᠠᠯᠢᠭᠤᠨ ︽ᠬᠦᠮᠦᠯᠢᠭ ᠦᠨ ᠡᠯᠴᠢ︾ ᠳᠠᠭᠤᠴᠢᠨ ᠣ᠊∙ᠠᠩᠬᠡᠪᠠᠶᠠᠷ ᠲᠠᠢ ᠭᠡᠷ ᠪᠦᠯᠢ ᠪᠣᠯᠵᠤ᠂ ᠭᠤᠷᠪᠠᠨ ᠬᠦᠦ ᠶᠢᠨ ᠡᠵᠢ ᠪᠣᠯᠤᠭᠰᠠᠨ ᠪᠢᠯᠡ᠃ ᠲᠡᠳᠡ ᠬᠠᠶᠢᠷ᠎ᠠ ᠶᠢᠨ ᠳᠠᠭᠤᠤ ᠶᠢ ᠬᠣᠣᠰᠯᠠᠨ ᠳᠠᠭᠤᠯᠠᠵᠤ᠂ ᠬᠠᠮᠲᠤ ᠳᠤ ᠪᠠᠨ ᠴᠣᠮᠣᠭ ᠬᠦᠷᠲᠡᠯ᠎ᠡ ᠭᠠᠷᠭᠠᠨ᠂ ᠲᠣᠭᠯᠠᠯᠲᠠ ᠪᠠᠨ ᠬᠢᠵᠦ ᠪᠠᠶᠢᠭᠰᠠᠨ ᠴᠤ ᠰᠡᠭᠦᠯ ᠦᠨ ᠵᠢᠯ ᠦᠳ ᠲᠦ ᠨᠠᠮ ᠵᠢᠮᠬᠡᠨ ᠪᠠᠶᠢᠬᠤ ᠪᠣᠯᠤᠭᠰᠠᠨ ᠶᠤᠮ᠃
ᠨᠠᠮ ᠭᠦᠮᠬᠡᠨ ᠪᠠᠶᠢᠬᠤ ᠳᠤ ᠪᠠᠨ ᠳᠠᠭᠤᠴᠢᠨ ᠪᠦᠰᠡᠭᠦᠢ ᠭᠤᠷᠪᠠᠨ ᠬᠦᠦ ᠲᠠᠢ ᠪᠣᠯᠵᠤ᠂ ᠳᠠᠷᠬᠠᠨ ᠪᠡᠷᠢ ᠪᠣᠯᠤᠭᠰᠠᠨ᠃ ᠳᠠᠭᠤᠴᠢᠨ ᠪ ∙ᠬᠠᠯᠢᠭᠤᠨ ᠭᠤᠷᠪᠠᠨ ᠬᠦᠦ ᠶᠢᠨ ᠡᠵᠢ ᠪᠣᠯᠤᠭᠰᠠᠨ ᠴᠤ ᠭᠣᠸ᠎ᠠ ᠰᠠᠶᠢᠬᠠᠨ ᠢᠶᠠᠨ ᠠᠯᠳᠠᠭ᠎ᠠ ᠦᠭᠡᠢ ᠤᠯᠠᠮ ᠯᠠ ᠭᠢᠯᠠᠯᠵᠠᠵᠤ ᠶᠠᠪᠤᠭ᠎ᠠ ᠨᠢᠭᠡᠨ᠃ ᠲᠡᠷᠡᠪᠡᠷ ︽ᠶᠠᠭ ᠲᠡᠭᠦᠨ ᠰᠢᠭ︾ ᠴᠡᠩᠭᠡᠭᠦᠨ ᠤ ᠰᠢᠯᠢᠳᠡᠭ ᠣᠷᠣᠯᠴᠠᠭᠴᠢᠳ ᠤᠨ ᠨᠢᠭᠡ ᠪᠣᠯᠵᠤ᠂ ᠠᠪᠢᠶᠠᠰᠯᠢᠭ ᠳᠠᠭᠤᠴᠢᠨ ᠭᠡᠳᠡᠭ ᠢᠶᠡᠨ ᠬᠠᠷᠠᠭᠤᠯᠤᠭᠠᠳ ᠠᠮᠵᠢᠭᠰᠠᠨ᠃ ᠲᠡᠭᠡᠪᠡᠯ ᠡᠨᠡ ᠤᠳᠠᠭ᠎ᠠ ᠲᠣᠮᠣ ᠬᠦᠦ ᠨᠢ ᠠᠩᠬᠠᠨ ᠤ ᠤᠷᠠᠨ ᠪᠦᠲᠦᠭᠡᠯ ᠢᠶᠡᠨ ᠰᠣᠨᠣᠰᠤᠭᠴᠢᠳ ᠲᠤ ᠬᠦᠷᠭᠡᠵᠦ ᠡᠬᠢᠯᠡᠵᠡᠢ᠃ ᠲᠡᠳᠡᠨ ᠦ ᠲᠣᠮᠣ ᠬᠦᠦ ᠠ᠊∙ᠴᠡᠩᠭᠡᠭᠦᠨ ᠦ ᠠᠩᠬᠠᠨ ᠤ ᠰᠢᠨ᠎ᠡ ᠤᠷᠠᠨ ᠪᠦᠲᠦᠭᠡᠯ ᠪᠣᠯᠬᠤ  ︽ᠴᠡᠩᠭᠡᠯ ᠦᠨ ᠮᠠᠩᠯᠠᠢ︾  ᠳᠠᠭᠤᠤ ᠶᠢᠨ ᠢᠶᠡᠨ  ᠸᠢᠳᠢᠣ᠋ ᠺᠯᠢᠫ ᠢ ᠭᠠᠷᠭᠠᠵᠤ᠂ ᠬᠣᠶᠠᠷ ᠳᠡᠭᠦᠦ ᠪᠡᠨ ᠺᠯᠢᠫ ᠲᠤ ᠪᠡᠨ ᠲᠣᠭᠯᠠᠭᠤᠯᠤᠭᠰᠠᠨ ᠨᠢ ᠬᠦᠮᠦᠰ ᠦᠨ ᠬᠠᠶᠢᠷ᠎ᠠ ᠶᠢ ᠲᠠᠲᠠᠵᠠᠢ᠃

ᠰᠡᠳᠬᠢᠭᠳᠡᠯ ᠦᠯᠡᠳᠡᠭᠡᠬᠦ