ᠫᠦᠲ᠋ᠢᠨ ᠢ ︽ᠵᠠᠶᠢᠯᠠᠭᠤᠯᠬᠤ︾ ᠪᠠᠷ ᠶᠠᠪᠤᠭ᠎ᠠ ᠪᠥᠭᠡ ᠳᠠᠬᠢᠨ ᠪᠠᠷᠢᠪᠴᠢᠯᠠᠭᠳᠠᠵᠠᠢ  | News.MN

 ᠫᠦᠲ᠋ᠢᠨ ᠢ ︽ᠵᠠᠶᠢᠯᠠᠭᠤᠯᠬᠤ︾ ᠪᠠᠷ ᠶᠠᠪᠤᠭ᠎ᠠ ᠪᠥᠭᠡ ᠳᠠᠬᠢᠨ ᠪᠠᠷᠢᠪᠴᠢᠯᠠᠭᠳᠠᠵᠠᠢ 

ᠣᠷᠣᠰ ᠤᠨ ᠶᠡᠷᠦᠩᠬᠡᠶᠢᠯᠡᠭᠴᠢ ᠫᠦᠲ᠋ᠢᠨ  ᠢ ᠺᠸᠷᠮᠡᠯᠢ ᠳᠤ ᠱᠦᠭᠯᠦᠭᠰᠡᠨ ᠠᠳᠠ ᠴᠢᠳᠬᠥᠷ ᠬᠡᠮᠡᠨ ᠨᠡᠷᠡᠯᠡᠵᠦ᠂ ᠲᠡᠭᠦᠨ ᠢ ᠵᠠᠶᠢᠯᠠᠭᠤᠯᠬᠤ ᠪᠠᠷ ᠨᠤᠲᠤᠭ ᠠᠴᠠ ᠪᠠᠨ 2019 ᠣᠨ ᠤ ᠡᠬᠢ ᠪᠡᠷ ᠭᠠᠷᠤᠭᠰᠠᠨ ᠶᠠᠺᠤᠲ ᠪᠥᠭᠡ ᠶᠢ ᠳᠠᠬᠢᠨ ᠪᠠᠷᠢᠪᠴᠢᠯᠠᠵᠠᠢ᠃ ᠲᠡᠭᠦᠨ ᠢ ᠠᠯᠧᠺᠰᠠᠨᠳᠠᠷ ᠭᠠᠪᠱᠶ᠋ᠸᠪ ᠭᠡᠳᠡᠭ ᠪᠥᠭᠡᠳ ᠲᠡᠷᠡᠪᠡᠷ ᠡᠮᠦᠨ᠎ᠡ ᠨᠢ ᠪᠠᠶᠢᠭᠠᠯ ᠨᠠᠭᠤᠷ ᠤᠨ ᠣᠶᠢᠷᠠᠯᠴᠠᠭ᠎ᠠ ᠠᠴᠠ ᠪᠠᠷᠢᠪᠴᠢᠯᠠᠭᠳᠠᠭᠰᠠᠨ ᠶᠤᠮ᠃ ᠲᠡᠭᠦᠨ ᠢ ᠰᠡᠳᠬᠢᠴᠡ ᠶᠢᠨ ᠡᠮᠨᠡᠯᠭᠡ ᠳᠦ ᠬᠡᠪᠲᠡᠭᠦᠯᠦᠭᠡᠳ ᠬᠡᠰᠡᠭ ᠬᠤᠭᠤᠴᠠᠭᠠᠨ ᠤ ᠳᠠᠷᠠᠭ᠎ᠠ ᠰᠤᠯᠠᠯᠠᠭᠰᠠᠨ ᠴᠤ ᠡᠶᠢᠨ ᠬᠦ ᠠᠶᠠᠯᠠᠯ ᠢᠶᠠᠨ ᠳᠠᠬᠢᠨ ᠡᠬᠢᠯᠡᠭᠦᠯᠦᠭᠰᠡᠨ ᠠᠵᠠᠢ ᠃
ᠭᠠᠪᠱᠶ᠋ᠸᠪ  ᠢ ᠡᠺᠰᠲᠷᠸᠮᠢᠰᠲ ᠦᠵᠡᠯ ᠰᠤᠷᠲᠠᠯ ᠭᠠᠷᠭᠠᠭᠰᠠᠨ ᠬᠡᠮᠡᠨ ᠪᠤᠷᠤᠭᠤᠳᠬᠠᠵᠤ᠂ ᠶᠠᠺᠤᠲ ᠠᠴᠠ ᠭᠠᠷᠬᠤ ᠶᠢ ᠨᠢ ᠬᠣᠷᠢᠭᠯᠠᠭᠰᠠᠨ ᠪᠠᠶᠢᠨ᠎ᠠ᠃ ᠡᠨᠡ ᠬᠣᠷᠢᠭ ᠠᠷᠪᠠᠳᠤᠭᠠᠷ ᠰᠠᠷ᠎ᠠ ᠳᠤ ᠳᠠᠭᠤᠰᠤᠭᠰᠠᠨ ᠪᠥᠭᠡᠳ ᠡᠨᠡ ᠤᠳᠠᠭ᠎ᠠ  ᠶᠠᠺᠤᠲ ᠤᠨ -44 ᠬᠡᠮ ᠦᠨ ᠬᠦᠢᠲᠡᠨ ᠳᠦ ᠥᠪᠡᠷ ᠢ ᠨᠢ ᠳᠡᠮᠵᠢᠭᠴᠢ ᠥᠭᠡᠷ᠎ᠡ ᠬᠣᠶᠠᠷ ᠬᠦᠮᠦᠨ ᠦ ᠬᠠᠮᠲᠤ ᠳᠥᠷᠪᠡᠨ ᠨᠣᠬᠠᠢ ᠳᠠᠭᠠᠭᠤᠯᠤᠨ ᠳᠠᠬᠢᠨ ᠮᠤᠰᠺᠸᠠ ᠵᠣᠷᠢᠭᠰᠠᠨ ᠠᠶᠠᠯᠠᠯ ᠳᠤ ᠪᠠᠨ ᠭᠠᠷᠤᠭᠰᠠᠨ ᠪᠠᠶᠢᠨ᠎ᠠ᠃
ᠶᠠᠺᠤᠲ ᠤᠨ ᠰᠢᠭᠦᠬᠦ ᠡᠴᠡ ᠲᠡᠭᠦᠨ ᠢ ᠰᠡᠳᠬᠢᠴᠡ ᠶᠢᠨ ᠬᠤᠪᠢ ᠳᠤ ᠡᠷᠡᠭᠦᠯ ᠪᠢᠰᠢ ᠭᠡᠰᠡᠨ ᠳ᠋ᠦᠩᠨᠡᠯᠲᠡ ᠭᠠᠷᠭᠠᠭᠰᠠᠨ ᠴᠤ ᠬᠦᠮᠦᠨ ᠦ ᠡᠷᠬᠡ ᠶᠢᠨ ᠪᠠᠶᠢᠭᠤᠯᠤᠯᠭ᠎ᠠ ᠨᠤᠭᠤᠳ  ᠬᠠᠷᠢᠶᠠᠲᠤ ᠪᠤᠰᠤ ᠮᠡᠷᠭᠡᠵᠢᠯᠲᠡᠨ  ᠢᠶᠠᠷ ᠰᠢᠨᠵᠢᠭᠦᠯᠵᠦ ᠲᠡᠭᠦᠨ ᠢ ᠡᠷᠡᠭᠦᠯ ᠭᠡᠳᠡᠭ ᠢ ᠨᠣᠲᠠᠯᠠᠵᠠᠢ᠃

ᠰᠡᠳᠬᠢᠭᠳᠡᠯ ᠦᠯᠡᠳᠡᠭᠡᠬᠦ