ᠮᠣᠩᠭᠣᠯ ᠬᠡᠦᠬᠡᠳ ᠦᠳ 36 ᠠᠯᠲᠠᠨ ᠴᠣᠮᠣ ᠬᠦᠷᠲᠡᠵᠡᠢ | News.MN

ᠮᠣᠩᠭᠣᠯ ᠬᠡᠦᠬᠡᠳ ᠦᠳ 36 ᠠᠯᠲᠠᠨ ᠴᠣᠮᠣ ᠬᠦᠷᠲᠡᠵᠡᠢ

ᠺᠠᠮᠪᠤᠵᠠ ᠤᠯᠤᠰ ᠲᠤ ᠠᠷᠪᠠᠨ ᠬᠣᠶᠠᠳᠤᠭᠠᠷ ᠰᠠᠷ᠎ᠠ ᠶᠢᠨ 7᠂ 8  ᠳᠤ UCMAS ᠣᠯᠠᠨ ᠤᠯᠤᠰ ᠤᠨ 24 ᠳ᠋ᠡᠬᠢ ᠤᠳᠠᠭ᠎ᠠ ᠶᠢᠨ ᠲᠡᠮᠡᠴᠡᠭᠡᠨ ᠠᠮᠵᠢᠯᠲᠠᠲᠠᠢ ᠵᠣᠬᠢᠶᠠᠨ ᠪᠠᠶᠢᠭᠤᠯᠤᠭᠳᠠᠵᠤ᠂ ᠳᠡᠯᠡᠬᠡᠢ ᠶᠢᠨ 40 ᠣᠷᠣᠨ ᠤ 4000 ᠬᠡᠦᠬᠡᠳ ᠪᠠᠭᠠᠴᠤᠳ 10 ᠠᠩᠭᠢᠯᠠᠯ ᠳᠤ ᠣᠶᠤᠨ ᠤ ᠴᠢᠳᠠᠪᠤᠷᠢ ᠪᠠᠷ ᠢᠶᠠᠨ ᠦᠷᠢᠰᠦᠯᠳᠦᠪᠡ᠃ UCMAS ᠣᠯᠠᠨ ᠤᠯᠤᠰ ᠤᠨ ᠰᠣᠷᠣᠪᠠᠨ ᠰᠤᠸᠠᠮᠫᠠᠨ᠂ ᠴᠡᠭᠡᠵᠢ ᠲᠣᠭᠠᠯᠠᠯ ᠤᠨ ᠲᠡᠮᠡᠴᠡᠭᠡᠨ ᠳᠦ ТОЯА ᠬᠡᠦᠬᠡᠳ ᠬᠥᠭᠵᠢᠯ ᠦᠨ ᠠᠺᠠᠳᠧᠮᠢ ᠶᠢᠨ ᠰᠤᠷᠤᠭᠴᠢᠳ ᠣᠷᠣᠯᠴᠠᠵᠤ᠂ 38 ᠴᠸᠮᠫᠢᠶᠤᠨ᠂ 36 ᠠᠯᠲᠠᠨ ᠴᠣᠮᠣ᠂ 6 ᠮᠥᠩᠭᠥᠨ ᠴᠣᠮᠣ ᠬᠦᠷᠲᠡᠭᠰᠡᠨ ᠭᠠᠶᠢᠬᠠᠯᠲᠠᠢ ᠠᠮᠵᠢᠯᠲᠠ ᠦᠵᠡᠭᠦᠯᠵᠡᠢ᠃ ᠲᠤᠰ ᠠᠺᠠᠳᠧᠮᠢ ᠠᠴᠠ ᠰᠣᠷᠣᠪᠠᠨ ᠰᠤᠸᠠᠮᠫᠠᠨ ‍ᠣ ᠦᠨᠳᠦᠰᠦᠨ ᠦ ᠠᠪᠤᠷᠭᠤ ᠰᠢᠯᠭᠠᠷᠠᠭᠤᠯᠬᠤ ᠲᠡᠮᠡᠴᠡᠭᠡᠨ ᠢ 2019 ᠣᠨ ᠤ ᠲᠠᠪᠤᠳᠤᠭᠠᠷ ᠰᠠᠷ᠎ᠠ ᠳᠤ ᠤᠯᠠᠭᠠᠨᠪᠠᠭᠠᠲᠤᠷ ᠬᠤᠲᠠ ᠳᠤ ᠵᠣᠬᠢᠶᠠᠨ ᠪᠠᠶᠢᠭᠤᠯᠤᠭᠰᠠᠨ ᠪᠥᠭᠡᠳ ᠨᠡᠶᠢᠲᠡ ᠣᠷᠣᠯᠴᠠᠭᠰᠠᠨ 2500 ᠰᠤᠷᠤᠭᠴᠢ ᠠᠴᠠ ᠱᠠᠩᠨᠠᠯᠲᠤ ᠪᠠᠶᠢᠷᠢᠨ ᠳᠤ ᠰᠢᠯᠭᠠᠷᠠᠭᠰᠠᠨ ᠬᠡᠦᠬᠡᠳ ᠦᠳ ᠣᠯᠠᠨ ᠤᠯᠤᠰ ᠤᠨ ᠲᠡᠮᠡᠴᠡᠭᠡᠨ ᠳᠦ ᠣᠷᠣᠬᠤ ᠡᠷᠬᠡ ᠪᠡᠨ ᠠᠪᠳᠠᠭ ᠪᠠᠶᠢᠨ᠎ᠠ᠃
ᠡᠷᠬᠡ ᠠᠪᠤᠭᠰᠠᠨ ᠰᠤᠷᠤᠭᠴᠢᠳ ТОЯА ᠬᠡᠦᠬᠡᠳ ᠬᠥᠭᠵᠢᠯ ᠦᠨ ᠠᠺᠠᠳᠧᠮᠢ ᠳᠤ ᠳᠣᠯᠣᠭᠠᠨ ᠰᠠᠷ᠎ᠠ ᠶᠢᠨ ᠲᠤᠷᠰᠢ ᠪᠡᠯᠡᠳᠬᠡᠯ ᠢᠶᠡᠨ ᠪᠠᠵᠠᠭᠠᠵᠠᠢ ᠃ UCMAS ᠣᠯᠠᠨ ᠤᠯᠤᠰ ᠤᠨ ᠲᠡᠮᠡᠴᠡᠭᠡᠨ ᠳᠦ ᠣᠷᠣᠯᠴᠠᠭᠰᠠᠨ ᠮᠣᠩᠭᠣᠯ ᠤᠯᠤᠰ ᠤᠨ ᠪᠠᠭ ᠤᠨ ᠬᠡᠦᠬᠡᠳ ᠦᠳ ᠡᠬᠡ ᠣᠷᠣᠨ ᠳᠤ ᠪᠠᠨ ᠠᠷᠪᠠᠨ ᠬᠣᠶᠠᠳᠤᠭᠠᠷ ᠰᠠᠷ᠎ᠠ ᠶᠢᠨ 12 ᠍ ᠤ ᠡᠳᠦᠷ 15᠄10 ᠴᠠᠭ ᠲᠤ ᠴᠢᠩᠭᠢᠰ ᠬᠠᠭᠠᠨ ᠣᠯᠠᠨ ᠤᠯᠤᠰ ᠤᠨ ᠨᠢᠰᠬᠦ ᠣᠩᠭᠣᠴᠠᠨ ᠤ ᠪᠠᠭᠤᠳᠠᠯ ᠳᠤ ᠬᠦᠷᠦᠯᠴᠡᠨ ᠢᠷᠡᠬᠦ ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ