ᠮᠣᠩᠭᠣᠯ ᠡᠺᠰᠫᠧᠳᠢᠰᠢᠨ᠂ ᠮᠣᠩᠭᠣᠯ ᠤᠨ ᠠᠭᠤᠯᠠᠴᠢᠳ ᠤᠨ ᠦᠨᠳᠦᠰᠦᠨ ᠦ ᠬᠣᠯᠪᠣᠭ᠎ᠠ᠂ ᠪᠠᠶᠢᠭᠠᠯᠢ ᠤᠷᠴᠢᠨ ᠠᠶᠠᠯᠠᠯ ᠵᠢᠭᠤᠯᠴᠢᠯᠠᠯ ᠤᠨ ᠶᠠᠮᠤᠨ᠂ ᠥᠪᠦᠷᠬᠠᠩᠭᠠᠢ ᠠᠶᠢᠮᠠᠭ ᠤᠨ ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠲᠠᠢ ᠬᠠᠮᠲᠤᠷᠠᠨ ᠮᠥᠰᠦᠨ ᠳᠦ ᠠᠪᠠᠷᠢᠯᠲᠠ ᠶᠢᠨ ᠰᠫᠣᠷᠲ ᠢ ᠲᠠᠨᠢᠭᠤᠯᠬᠤ᠂ ᠬᠥᠭᠵᠢᠭᠦᠯᠬᠦ᠂ ᠲᠦᠭᠡᠭᠡᠨ ᠳᠡᠯᠭᠡᠷᠡᠭᠦᠯᠬᠦ᠂ ᠮᠥᠨ ᠡᠪᠦᠯ ᠦᠨ ᠠᠶᠠᠯᠠᠯ ᠵᠢᠭᠤᠯᠴᠢᠯᠠᠯ ᠢ ᠳᠡᠮᠵᠢᠬᠦ ᠵᠣᠷᠢᠯᠭ᠎ᠠ ᠲᠠᠢ ᠪᠠᠷ ︽ᠬᠠᠷᠠᠬᠣᠷᠢᠨ 2019︾ ᠮᠥᠰᠦᠨ ᠦ ᠹᠧᠰᠲ᠋ᠢᠸᠠᠯ ᠢ 2019 ᠣᠨ ᠤ ᠠᠷᠪᠠᠨ ᠬᠣᠶᠠᠳᠤᠭᠠᠷ ᠰᠠᠷ᠎ᠠ ᠶᠢᠨ 7᠂ 8 ᠤ ᠡᠳᠦᠷ ᠥᠪᠦᠷᠬᠠᠩᠭᠠᠢ ᠠᠶᠢᠮᠠᠭ ᠤᠨ ᠪᠠᠲᠤ-ᠥᠯᠵᠡᠢ ᠰᠤᠮᠤ ᠶᠢᠨ ᠨᠤᠲᠤᠭ ᠲᠤ ᠪᠠᠶᠢᠷᠢᠯᠠᠬᠤ ᠤᠯᠠᠭᠠᠨ ᠴᠢᠳᠬᠤᠯᠠᠩ ᠤᠨ ᠬᠦᠷᠬᠢᠷ᠎ᠡ ᠳᠦ ᠠᠮᠵᠢᠯᠲᠠᠲᠠᠢ ᠵᠣᠬᠢᠶᠠᠨ ᠪᠠᠶᠢᠭᠤᠯᠤᠯ᠎ᠠ᠃
ᠨ∙ᠬᠡᠷᠦᠯᠦᠨ᠂ ᠪ∙ᠳᠡᠩᠰᠡᠮ᠎ᠠ ᠨᠠᠷ ᠲᠤᠰ ᠲᠤᠰ KARAKORUM-2019 ᠡᠷᠡᠭᠲᠡᠢ ᠡᠮᠡᠭᠲᠡᠢ ᠴᠣᠮᠣ ᠶᠢᠨ ᠡᠵᠡᠨ ᠢᠶᠡᠷ ᠰᠢᠯᠭᠠᠷᠠᠪᠠ᠃