ᠵᠡᠰ ᠦᠨ ᠬᠠᠩᠰᠢ 6000 ᠳ᠋ᠣᠯᠯᠠᠷ ᠳᠠᠪᠠᠯ᠎ᠠ  | News.MN

ᠵᠡᠰ ᠦᠨ ᠬᠠᠩᠰᠢ 6000 ᠳ᠋ᠣᠯᠯᠠᠷ ᠳᠠᠪᠠᠯ᠎ᠠ 

ᠵᠡᠰ ᠦᠨ ᠬᠠᠩᠰᠢ ᠰᠡᠭᠦᠯ ᠦᠨ ᠬᠡᠳᠦᠨ ᠰᠠᠷ᠎ᠠ ᠶᠢᠨ ᠲᠤᠷᠰᠢ 5000  ᠳ᠋ᠣᠯᠯᠠᠷ ᠲᠤ ᠪᠠᠨ ᠪᠠᠭᠲᠠᠵᠤ ᠪᠠᠶᠢᠭᠰᠠᠨ ᠶᠤᠮ᠃ ᠲᠡᠭᠡᠪᠡᠯ ᠥᠴᠥᠭᠡᠳᠦᠷ ᠡᠴᠡ ᠡᠬᠢᠯᠡᠨ 6000 ᠳ᠋ᠣᠯᠯᠠᠷ ᠳᠠᠪᠠᠯ᠎ᠠ᠃ ᠣᠳᠣ ᠶᠢᠨ ᠪᠠᠶᠢᠳᠠᠯ ᠢᠶᠠᠷ ᠳᠡᠯᠡᠬᠡᠢ ᠶᠢᠨ ᠵᠠᠬ᠎ᠠ ᠵᠡᠭᠡᠯᠢ ᠳ᠋ᠡᠬᠢ ᠵᠡᠰ ᠦᠨ ᠬᠠᠩᠰᠢ 6072 ᠳ᠋ᠣᠯᠯᠠᠷ ᠪᠠᠶᠢᠨ᠎ᠠ᠃
2017 ᠣᠨ ᠳᠤ 7000 ᠳ᠋ᠣᠯᠯᠠᠷ ᠲᠤ ᠬᠦᠷᠦᠭᠡᠳ ᠪᠠᠶᠢᠭᠰᠠᠨ ᠵᠡᠰ ᠦᠨ ᠬᠠᠩᠰᠢ ᠰᠡᠭᠦᠯ ᠦᠨ ᠵᠢᠯ ᠭᠠᠷᠤᠢ ᠶᠢᠨ ᠬᠤᠭᠤᠴᠠᠭᠠᠨ ᠳᠤ ᠪᠠᠭᠤᠷᠠᠭᠰᠠᠨ ᠦᠵᠡᠭᠦᠯᠦᠯᠲᠡ ᠲᠡᠢ ᠪᠠᠶᠢᠪᠠ ᠃ ᠰᠢᠯᠲᠠᠭᠠᠨ ᠢ ᠰᠢᠨᠵᠢᠭᠡᠴᠢᠳ ᠬᠢᠲᠠᠳ ᠤᠨ ᠵᠡᠰ ᠦᠨ ᠡᠷᠢᠯᠲᠡ ᠪᠠᠭᠤᠷᠠᠭᠰᠠᠨ ᠲᠠᠢ ᠬᠣᠯᠪᠣᠨ ᠲᠠᠶᠢᠯᠪᠤᠷᠢᠯᠠᠵᠤ ᠪᠠᠶᠢᠭ᠎ᠠ᠃ ᠤᠴᠢᠷ ᠨᠢ ᠠᠮᠧᠷᠢᠺᠠ  ᠬᠢᠲᠠᠳ  ᠤᠨ ᠬᠤᠳᠠᠯᠳᠤᠭᠠᠨ ᠤ ᠳᠠᠶᠢᠨ ᠭᠧᠣᠫᠣᠯᠢᠲ᠋ᠢᠺ ᠲᠠᠢ ᠬᠣᠯᠪᠣᠭᠠᠲᠠᠢ ᠪᠠᠷ ᠦᠢᠯᠡᠳᠪᠦᠷᠢᠯᠡᠭᠴᠢᠳ ᠬᠦᠯᠢᠶᠡᠯᠲᠡ ᠶᠢᠨ ᠪᠠᠶᠢᠳᠠᠯ ᠳᠤ ᠣᠷᠣᠭᠰᠠᠨ᠃ ᠢᠩᠭᠢᠬᠦ ᠪᠡᠷ ᠬᠢᠲᠠᠳ ᠤᠨ ᠡᠳ᠋ ᠍ ᠦᠨ ᠵᠠᠰᠠᠭ ᠤᠨ ᠥᠰᠦᠯᠲᠡ ᠰᠠᠭᠠᠷᠠᠨ᠎ᠠ᠃  ᠡᠨᠡ ᠨᠢ ᠭᠠᠩ ᠤᠨ ᠦᠢᠯᠡᠳᠪᠦᠷᠢᠯᠡᠯ ᠢ ᠪᠠᠭᠤᠷᠠᠭᠤᠯᠤᠨ᠎ᠠ᠃ ᠤᠯᠠᠮ ᠢᠶᠠᠷ ᠵᠡᠰ ᠦᠨ ᠬᠠᠩᠰᠢ ᠤᠨᠠᠭᠰᠠᠨ ᠭᠡᠵᠦ ᠲᠠᠶᠢᠯᠪᠤᠷᠢᠯᠠᠳᠠᠭ᠃ ᠲᠡᠭᠡᠪᠡᠯ ᠳᠡᠯᠡᠬᠡᠢ ᠶᠢᠨ ᠪᠠᠩᠬᠢ᠂ ᠣᠯᠠᠨ ᠤᠯᠤᠰ ᠤᠨ  ᠸᠠᠯᠢᠶᠤᠲ ᠤᠨ ᠰᠠᠩ ᠣᠶᠢᠷ᠎ᠠ ᠶᠢᠨ ᠬᠣᠶᠠᠷ ᠵᠢᠯ ᠳᠦ ᠪᠡᠨ ᠵᠡᠰ ᠦᠨ ᠬᠠᠩᠰᠢ ᠤᠨᠠᠬᠤ ᠬᠡᠳᠦᠢ ᠴᠤ ᠣᠭᠴᠣᠮ ᠳᠣᠭᠣᠭᠰᠢᠯᠠᠬᠤ ᠦᠭᠡᠢ ᠭᠡᠳᠡᠭ ᠳ᠋ᠦᠩᠨᠡᠯᠲᠡ ᠭᠠᠷᠭᠠᠵᠠᠢ᠃

ᠰᠡᠳᠬᠢᠭᠳᠡᠯ ᠦᠯᠡᠳᠡᠭᠡᠬᠦ