ᠵᠠᠪᠬᠠᠨ ᠠᠶᠢᠮᠠᠭ ᠮᠣᠩᠭᠣᠯ ᠤᠯᠤᠰ ᠳᠠᠬᠢ ᠠᠮᠧᠷᠢᠺᠠ ᠶᠢᠨ ᠡᠯᠴᠢᠨ ᠰᠠᠶᠢᠳ ᠤᠨ ᠶᠠᠮᠤᠨ ᠤ ᠴᠡᠷᠢᠭ ᠦᠨ ᠠᠲᠲᠱᠸ ᠲᠠᠢ ᠠᠯᠪᠠ ᠲᠠᠢ ᠬᠠᠮᠲᠤᠷᠠᠨ ᠮᠠᠯ ᠠᠵᠤ ᠠᠬᠤᠢ ᠶᠢᠨ ᠰᠠᠯᠪᠤᠷᠢ ᠶᠢᠨ ᠴᠢᠭᠯᠡᠯ ᠢᠶᠡᠷ ᠰᠤᠷᠭᠠᠯᠲᠠ ᠶᠠᠪᠤᠭᠤᠯᠵᠠᠢ᠃ ᠡᠨᠡ ᠬᠦᠷᠢᠶᠡᠨ ᠳᠦ ᠮᠠᠯ ᠤᠨ ᠡᠷᠡᠭᠦᠯ ᠪᠠᠶᠢᠳᠠᠯ ᠢ ᠬᠠᠳᠠᠭᠠᠯᠠᠬᠤ᠂ ᠬᠠᠯᠳᠠᠪᠤᠷᠢᠲᠤ ᠡᠪᠡᠳᠴᠢᠨ ᠡᠴᠡ ᠤᠷᠢᠳᠴᠢᠯᠠᠨ ᠰᠡᠷᠭᠡᠶᠢᠯᠡᠬᠦ᠂ ᠮᠠᠯ ᠤᠨ ᠣᠨᠴᠠᠭᠠᠢ ᠪᠠᠶᠢᠳᠠᠯ ᠤᠨ ᠲᠥᠯᠥᠪᠯᠡᠯᠲᠡ ᠪᠠ ᠬᠠᠷᠢᠭᠤ ᠠᠷᠭ᠎ᠠ ᠬᠡᠮᠵᠢᠶ᠎ᠡ᠂ ᠮᠠᠯ ᠤᠨ ᠨᠢᠳᠤᠯᠭᠠᠨ᠂ ᠨᠥᠭᠡᠴᠡ ᠪᠦᠷᠢᠳᠦᠭᠦᠯᠬᠦ ᠨᠥᠬᠥᠴᠡᠯ ᠦᠳ᠂ ᠳᠡᠭᠡᠵᠢ ᠠᠪᠬᠤ᠂ ᠯᠠᠪᠤᠷᠠᠲ᠋ᠣᠷᠢ ᠶᠢᠨ ᠰᠢᠨᠵᠢᠯᠡᠭᠡᠨ ᠬᠢᠬᠦ ᠵᠡᠷᠭᠡ ᠰᠡᠳᠦᠪ ᠢᠶᠡᠷ ᠳᠥᠷᠪᠡᠨ ᠡᠳᠦᠷ ᠦᠨ ᠰᠤᠷᠭᠠᠯᠲᠠ ᠶᠢ ᠵᠣᠬᠢᠶᠠᠨ ᠪᠠᠶᠢᠭᠤᠯᠤᠯ᠎ᠠ᠃
ᠡᠨᠡᠬᠦ ᠰᠤᠷᠭᠠᠯᠲᠠ ᠨᠢ ᠵᠠᠪᠬᠠᠨ ᠠᠶᠢᠮᠠᠭ ᠪᠣᠯᠤᠨ ᠮᠣᠩᠭᠣᠯ ᠤᠯᠤᠰ ᠳᠠᠬᠢ ᠠᠮᠧᠷᠢᠺᠠ ᠶᠢᠨ ᠡᠯᠴᠢᠨ ᠰᠠᠶᠢᠳ ᠤᠨ ᠶᠠᠮᠤᠨ ᠤ ᠬᠠᠮᠲᠤ ᠶᠢᠨ ᠠᠵᠢᠯᠯᠠᠭᠠᠨ ᠤ ᠡᠬᠢᠯᠡᠯ ᠪᠥᠭᠡᠳ ᠴᠢᠨᠠᠭᠰᠢᠳᠠ ᠢᠷᠭᠡᠳ ᠦᠨ ᠠᠩᠭᠯᠢ ᠬᠡᠯᠡᠨ ᠦ ᠮᠡᠳᠡᠯᠭᠡ ᠶᠢ ᠳᠡᠭᠡᠭᠰᠢᠯᠡᠭᠦᠯᠬᠦ᠂ᠢᠷᠡᠭᠡᠳᠦᠢ ᠳᠦ ᠲᠤᠰ ᠤᠯᠤᠰ ᠲᠤ ᠰᠤᠷᠤᠯᠴᠠᠬᠤ ᠪᠣᠯᠤᠮᠵᠢ ᠶᠢ ᠨᠡᠭᠡᠭᠡᠬᠦ ᠵᠣᠷᠢᠯᠭ᠎ᠠ ᠪᠠᠷ ᠤᠯᠢᠶᠠᠰᠤᠲᠠᠢ ᠰᠤᠮᠤᠨ ᠳᠤ ᠠᠮᠧᠷᠢᠺᠠ ᠶᠢᠨ ᠰᠤᠶᠤᠯ ᠤᠨ ᠪᠤᠯᠤᠩ ᠢ ᠨᠡᠭᠡᠭᠡᠬᠦ ᠪᠡᠷ ᠪᠣᠯᠤᠯ᠎ᠠ᠃ ᠮᠥᠨ ᠰᠤᠷᠭᠠᠭᠤᠯᠢ ᠶᠢᠨ ᠡᠮᠦᠨᠡᠬᠢ ᠪᠣᠯᠪᠠᠰᠤᠷᠠᠯ ᠤᠨ ᠰᠤᠷᠭᠠᠯᠲᠠ ᠳᠤ ᠠᠩᠭᠯᠢ ᠬᠡᠯᠡ᠂ ᠳᠠᠭᠤᠤ᠂ ᠪᠦᠵᠢᠭ ᠦᠨ ᠬᠢᠴᠢᠶᠡᠯ ᠢ ᠨᠡᠮᠡᠵᠦ ᠤᠷᠤᠭᠤᠯᠬᠤ᠂ ᠵᠠᠪᠬᠠᠨ ᠠᠶᠢᠮᠠᠭ ᠲᠤ ᠠᠮᠧᠷᠢᠺᠠ ᠰᠲ᠋ᠠᠨᠳᠠᠷᠲ ᠲᠠᠢ ᠴᠡᠴᠡᠷᠯᠢᠭ ᠪᠠᠶᠢᠭᠤᠯᠬᠤ ᠵᠡᠷᠭᠡ ᠪᠡᠷ ᠪᠣᠯᠪᠠᠰᠤᠷᠠᠯ᠂ ᠡᠷᠡᠭᠦᠯ ᠮᠡᠨᠳᠦ᠂ ᠬᠥᠳᠡᠭᠡ ᠠᠵᠤ ᠠᠬᠤᠢ᠂ ᠣᠨᠴᠠᠭᠠᠢ ᠪᠠᠶᠢᠳᠠᠯ ᠤᠨ ᠰᠠᠯᠪᠤᠷᠢ ᠳᠤ ᠬᠠᠮᠲᠤᠷᠠᠨ ᠠᠵᠢᠯᠯᠠᠬᠤ ᠪᠠᠷ ᠪᠣᠯᠤᠯ᠎ᠠ ᠬᠡᠮᠡᠨ ᠨᠡᠮᠡᠵᠦ ᠳᠤᠭᠤᠯᠭᠠᠪᠠ᠃