ᠠᠷᠠᠳᠴᠢᠯᠠᠯ ᠢᠯᠠᠬᠤ ᠳᠤ ᠭᠣᠣᠯ ᠬᠦᠴᠦ ᠨᠢ ᠤᠶᠤᠲᠠᠳ ᠪᠠᠶᠢᠭᠰᠠᠨ | News.MN

 ᠠᠷᠠᠳᠴᠢᠯᠠᠯ ᠢᠯᠠᠬᠤ ᠳᠤ ᠭᠣᠣᠯ ᠬᠦᠴᠦ ᠨᠢ ᠤᠶᠤᠲᠠᠳ ᠪᠠᠶᠢᠭᠰᠠᠨ

︽ᠠᠷᠪᠠᠨ ᠬᠤᠶᠠᠳᠤᠭᠠᠷ ᠰᠠᠷ᠎ᠠ ᠶᠢᠨ ᠳᠤᠯᠤᠭᠠᠨ︾ ᠣᠶᠤᠲᠠᠨ ᠤ ᠠᠷᠠᠳᠴᠢᠯᠠᠭᠰᠠᠨ ᠴᠤᠭᠯᠠᠭᠠᠨ ᠰᠡᠳᠦᠪᠲᠦ ᠡᠷᠳᠡᠮ ᠰᠢᠨᠵᠢᠯᠡᠭᠡᠨ ᠦ ᠬᠤᠷᠠᠯ ᠪᠣᠯᠤᠯ᠎ᠠ᠃ ᠬᠤᠪᠳᠤ ᠠᠶᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ᠂  ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ᠂ ᠬᠣᠪᠳᠣ ᠶᠡᠬᠡ ᠰᠤᠷᠭᠠᠭᠤᠯᠢ ᠬᠠᠮᠲᠤᠷᠠᠨ ᠡᠨᠡᠬᠦ ᠡᠷᠳᠡᠮ ᠰᠢᠨᠵᠢᠯᠡᠭᠡᠨ ᠦ ᠬᠤᠷᠠᠯ ᠢ ᠵᠣᠬᠢᠶᠠᠨ ᠪᠠᠶᠢᠭᠤᠯᠤᠭᠰᠠᠨ ᠢᠶᠠᠷ ᠢᠶᠠᠨ ᠣᠨᠴᠠᠯᠢᠭ ᠲᠠᠢ᠃ ᠡᠷᠳᠡᠮ ᠰᠢᠨᠵᠢᠯᠡᠭᠡᠨ ᠦ ᠬᠤᠷᠠᠯ ᠳᠤ 20 ᠭᠠᠷᠤᠢ ᠢᠯᠡᠳᠬᠡᠯ ᠬᠡᠯᠡᠯᠴᠡᠯ᠎ᠡ᠃ ᠡᠨᠡ ᠦᠶ᠎ᠡ ᠪᠡᠷ ᠣᠶᠤᠲᠠᠨ ᠤ ᠠᠷᠠᠳᠴᠢᠯᠠᠭᠰᠠᠨ ᠴᠤᠭᠯᠠᠭᠠᠨ ᠤ ᠡᠬᠢᠯᠡᠯ᠂ ᠥᠷᠨᠢᠯ᠂ ᠲᠤᠬᠠᠢ ᠶᠢᠨ ᠦᠶ᠎ᠡ ᠶᠢᠨ ᠣᠨᠴᠠᠯᠠᠬᠤ ᠦᠢᠯᠡ ᠶᠠᠪᠤᠳᠠᠯ᠂ ᠬᠣᠪᠳᠣ ᠶᠡᠬᠡ ᠰᠤᠷᠭᠠᠭᠤᠯᠢ ᠶᠢᠨ ᠤᠶᠤᠲᠠᠳ ᠤᠨ ᠡᠭᠦᠷᠭᠡ ᠣᠷᠣᠯᠴᠠᠭ᠎ᠠ᠂ ᠲᠡᠦᠬᠡ ᠪᠢᠴᠢᠯᠭᠡ ᠳ᠋ᠡᠬᠢ ᠦᠨᠡᠯᠡᠭᠡ ᠳ᠋ᠦᠩᠨᠡᠯᠲᠡ᠂ ᠡᠰᠡᠷᠭᠦᠴᠡᠯ ᠦᠨ ᠬᠥᠳᠡᠯᠭᠡᠭᠡᠨ ᠦ ᠰᠤᠳᠤᠯᠭᠠᠨ ᠵᠡᠷᠭᠡ ᠶᠢ ᠲᠠᠨᠢᠯᠴᠠᠭᠤᠯᠬᠤ ᠵᠠᠮ ᠢᠶᠠᠷ ᠣᠯᠠᠨ ᠨᠡᠶᠢᠲᠡ ᠳᠦ ᠠᠷᠠᠳᠴᠢᠯᠠᠭᠰᠠᠨ ᠬᠤᠪᠢᠰᠬᠠᠯ ᠤᠨ ᠦᠨ᠎ᠡ ᠴᠡᠨ᠎ᠡ ᠂ ᠠᠴᠢ ᠬᠣᠯᠪᠣᠭᠳᠠᠯ ᠢ ᠲᠦᠭᠡᠭᠡᠨ ᠳᠡᠯᠭᠡᠷᠡᠭᠦᠯᠦᠭᠰᠡᠨ ᠢᠶᠡᠷ ᠢᠶᠡᠨ ᠳᠠᠪᠠᠭᠤ ᠲᠠᠯ᠎ᠠ ᠲᠠᠢ ᠶᠤᠮ ᠃
ᠲᠡᠷᠲᠡᠭᠡ 1989 ᠣᠨ ᠤ 12 ᠳ᠋ᠤᠭᠠᠷ ᠰᠠᠷ᠎ᠠ ᠶᠢᠨ 7 ᠍ ᠳᠦ ᠬᠣᠪᠳᠣ ᠠᠶᠢᠮᠠᠭ ᠳᠠᠬᠢ ᠪᠠᠭᠰᠢ ᠶᠢᠨ ᠳᠡᠭᠡᠳᠦ ᠰᠤᠷᠭᠠᠭᠤᠯᠢ ᠶᠢᠨ ᠬᠡᠰᠡᠭ ᠪᠠᠭᠰᠢ᠂ ᠣᠶᠤᠲᠠᠨ ᠠᠷᠠᠳ ᠠᠶᠤᠱᠢ ᠶᠢᠨ ᠲᠠᠯᠠᠪᠠᠢ ᠳᠤ ᠤᠯᠤᠰ ᠲᠥᠷᠥ ᠶᠢᠨ ᠴᠤᠭᠯᠠᠭᠠᠨ ᠬᠢᠵᠦ᠂ ᠮᠣᠩᠭᠣᠯ ᠠᠷᠠᠳ ᠤᠨ ᠬᠤᠪᠢᠰᠬᠠᠯᠲᠤ ᠨᠠᠮ ᠤᠨ ᠲᠥᠪ ᠬᠣᠷᠢᠶᠠᠨ ᠤ ᠤᠯᠤᠰ ᠲᠥᠷᠥ ᠶᠢᠨ ᠲᠣᠪᠴᠢᠶ᠎ᠠ᠂ ᠵᠠᠰᠠᠭ ᠤᠨ ᠭᠠᠵᠠᠷ ᠢ ᠪᠦᠷᠢᠨ ᠪᠦᠷᠢᠯᠳᠦᠬᠦᠨ ᠢᠶᠡᠷ ᠢᠶᠡᠨ ᠣᠭᠴᠣᠷᠠᠬᠤ ᠶᠢ ᠱᠠᠭᠠᠷᠳᠠᠭᠰᠠᠨ ᠡᠷᠭᠦᠬᠦ ᠪᠢᠴᠢᠭ ᠢ ᠠᠶᠢᠮᠠᠭ ᠤᠨ ᠨᠠᠮ ᠤᠨ ᠬᠣᠷᠢᠶᠠᠨ ᠤ ᠪᠦᠭᠦᠳᠡ ᠬᠤᠷᠠᠯ ᠤᠨ ᠦᠶ᠎ᠡ ᠪᠡᠷ ᠤᠯᠠᠭᠠᠨᠪᠠᠭᠠᠲᠤᠷ ᠲᠤ ᠬᠦᠷᠭᠡᠭᠦᠯᠬᠦ ᠪᠡᠷ ᠭᠠᠷᠳᠠᠭᠤᠯᠵᠤ ᠪᠠᠶᠢᠪᠠ ᠃

ᠰᠡᠳᠬᠢᠭᠳᠡᠯ ᠦᠯᠡᠳᠡᠭᠡᠬᠦ