ᠳᠠᠭᠤᠴᠢᠨ ᠴ∙ᠪᠠᠲᠤ-ᠡᠷᠳᠡᠨᠢ ᠭᠠᠵᠠᠷ ᠤᠨ ᠳᠠᠷᠤᠭ᠎ᠠ ᠪᠤᠯᠤᠯ᠎ᠠ  | News.MN

ᠳᠠᠭᠤᠴᠢᠨ ᠴ∙ᠪᠠᠲᠤ-ᠡᠷᠳᠡᠨᠢ ᠭᠠᠵᠠᠷ ᠤᠨ ᠳᠠᠷᠤᠭ᠎ᠠ ᠪᠤᠯᠤᠯ᠎ᠠ 

ᠨᠡᠶᠢᠰᠯᠡᠯ ᠦᠨ ᠰᠤᠶᠤᠯ ᠤᠷᠠᠯᠢᠭ ᠤᠨ ᠭᠠᠵᠠᠷ ᠤᠨ ᠳᠠᠷᠤᠭ᠎ᠠ ᠵ᠂ ᠳᠠᠮᠳᠢᠨᠴᠡᠷᠡᠩ ᠢ ᠠᠵᠢᠯ ᠠᠴᠠ ᠨᠢ ᠬᠠᠯᠠᠬᠤ ᠰᠢᠢᠳᠪᠦᠷᠢ ᠶᠢ ᠬᠣᠲᠠ ᠶᠢᠨ ᠳᠠᠷᠤᠭ᠎ᠠ ᠰ∙ᠠᠮᠤᠷᠰᠠᠶᠢᠬᠠᠨ ᠥᠩᠭᠡᠷᠡᠭᠰᠡᠨ ᠵᠢᠷᠭᠤᠳᠤᠭᠠᠷ ᠰᠠᠷ᠎ᠠ ᠳᠤ ᠭᠠᠷᠭᠠᠭᠰᠠᠨ᠃ ᠲᠡᠭᠦᠨ ᠢ ᠲᠥᠷᠥ ᠶᠢᠨ ᠠᠯᠪᠠᠨ ᠤ ᠨᠡᠷ᠎ᠡ ᠬᠦᠨᠳᠦ ᠶᠢ ᠡᠷᠬᠢᠮᠯᠡᠬᠦ ᠡᠭᠦᠷᠭᠡ ᠪᠡᠨ ᠪᠡᠶᠡᠯᠡᠭᠦᠯᠦᠭᠡ ᠦᠭᠡᠢ ᠭᠡᠰᠡᠨ ᠦᠨᠳᠦᠰᠦᠯᠡᠯ ᠢᠶᠡᠷ ᠰᠠᠬᠢᠯᠭ᠎ᠠ ᠶᠢᠨ ᠰᠢᠢᠳᠭᠡᠯ ᠣᠨᠣᠭᠳᠠᠭᠤᠯᠤᠭᠰᠠᠨ ᠪᠠᠶᠢᠳᠠᠭ᠃ ᠲᠡᠭᠡᠪᠡᠯ ᠳᠡᠭᠡᠷᠡᠬᠢ ᠠᠯᠪᠠᠨ ᠳᠤ ᠮᠣᠩᠭᠣᠯ ᠤᠯᠤᠰ ᠤᠨ ᠭᠠᠪᠢᠶᠠᠲᠤ ᠵᠦᠴᠦᠭᠡᠴᠢᠨ ᠂ ᠳᠠᠭᠤᠴᠢᠨ ᠴ∙ᠪᠠᠲᠤ-ᠡᠷᠳᠡᠨᠢ ᠲᠣᠮᠢᠯᠠᠭᠳᠠᠵᠠᠢ᠃ ᠨᠡᠶᠢᠲᠡ ᠶᠢᠨ ᠳᠠᠭᠤᠴᠢᠳ ᠳᠤᠮᠳᠠ ᠪᠠᠨ ᠮᠧᠨᠧᠵᠮᠧᠨᠲ ᠰᠠᠶᠢᠲᠠᠢ ᠳᠤ ᠲᠣᠭᠠᠴᠠᠭᠳᠠᠳᠠᠭ ᠲᠡᠷᠡᠪᠡᠷ ᠥᠩᠭᠡᠷᠡᠭᠰᠡᠨ ᠶᠢᠰᠦᠳᠦᠭᠡᠷ ᠰᠠᠷ᠎ᠠ ᠠᠴᠠ ᠠᠵᠢᠯ ᠳᠤ ᠪᠠᠨ ᠣᠷᠣᠭᠰᠠᠨ ᠶᠤᠮ ᠪᠠᠶᠢᠨ᠎ᠠ᠃
ᠡᠮᠦᠨ᠎ᠡ ᠨᠢ ᠰᠤᠶᠤᠯ ᠤᠷᠠᠯᠢᠭ ᠤᠨ ᠶᠡᠬᠡ ᠰᠤᠷᠭᠠᠭᠤᠯᠢ ᠶᠢᠨ ᠬᠠᠷᠢᠶ᠎ᠠ ᠰᠤᠶᠤᠯ ᠤᠨ ᠳᠡᠭᠡᠳᠦ ᠰᠤᠷᠭᠠᠭᠤᠯᠢ ᠶᠢᠨ ᠵᠠᠬᠢᠷᠤᠯ ᠪᠣᠯᠤᠨ ᠲᠤᠰ ᠰᠤᠷᠭᠠᠭᠤᠯᠢ ᠶᠢᠨ ᠰᠠᠯᠪᠤᠷᠢ ᠪᠦᠵᠢᠭ ᠦᠨ ᠰᠤᠷᠭᠠᠭᠤᠯᠢ ᠶᠢᠨ ᠵᠠᠬᠢᠷᠤᠯ ᠤᠨ ᠠᠯᠪᠠᠨ ᠳᠤ ᠠᠵᠢᠯᠯᠠᠵᠤ ᠪᠠᠶᠢᠪᠠ ᠃

ᠰᠡᠳᠬᠢᠭᠳᠡᠯ ᠦᠯᠡᠳᠡᠭᠡᠬᠦ