ᠮᠣᠩᠭᠣᠯ ᠤᠨ ᠪᠠᠭ ᠳᠡᠯᠡᠬᠡᠢ ᠶᠢᠨ ᠣᠢ ᠲᠣᠭᠲᠠᠭᠠᠯᠲᠠ ᠶᠢᠨ ᠠᠪᠤᠷᠭᠤ ᠪᠣᠯᠤᠯ᠎ᠠ  | News.MN

ᠮᠣᠩᠭᠣᠯ ᠤᠨ ᠪᠠᠭ ᠳᠡᠯᠡᠬᠡᠢ ᠶᠢᠨ ᠣᠢ ᠲᠣᠭᠲᠠᠭᠠᠯᠲᠠ ᠶᠢᠨ ᠠᠪᠤᠷᠭᠤ ᠪᠣᠯᠤᠯ᠎ᠠ 

ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠦᠬᠠᠨ ᠬᠤᠲᠠ ᠳᠤ ᠵᠣᠬᠢᠶᠠᠨ ᠪᠠᠶᠢᠭᠤᠯᠤᠭᠳᠠᠭᠰᠠᠨ ᠳᠡᠯᠡᠬᠡᠢ ᠶᠢᠨ ᠣᠢ ᠲᠣᠭᠲᠠᠭᠠᠯᠲᠠ ᠶᠢᠨ ᠰᠫᠣᠷᠲ ᠤᠨ ᠬᠣᠯᠪᠣᠭᠠᠨ ᠤ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠨᠡ ᠰᠠᠷ᠎ᠠ ᠶᠢᠨ 3-8 ᠍ ᠤ ᠬᠣᠭᠣᠷᠣᠨᠳᠣ ᠪᠣᠯᠤᠯ᠎ᠠ᠃ ᠲᠡᠮᠡᠴᠡᠭᠡᠨ ᠳᠦ 33 ᠣᠷᠣᠨ ᠤ 520 ᠲᠠᠮᠢᠷᠴᠢᠳ ᠲᠠᠪᠤᠨ ᠡᠳᠦᠷ ᠦᠨ ᠲᠤᠷᠰᠢ ᠭᠠᠯ ᠭᠠᠷᠤᠭᠰᠠᠨ ᠥᠷᠢᠰᠦᠯᠳᠦᠭᠡᠨ ᠢ ᠦᠵᠡᠭᠦᠯᠦᠨ ᠰᠢᠯᠢᠳᠡᠭ ᠦᠳ ᠢᠶᠡᠨ ᠲᠣᠳᠣᠷᠠᠭᠤᠯᠤᠯ᠎ᠠ᠃ ᠡᠭᠦᠨ ᠡᠴᠡ ᠮᠣᠩᠭᠣᠯ ᠤᠯᠤᠰ ᠤᠨ 16 ᠲᠠᠮᠢᠷᠴᠢᠨ ᠲᠠᠪᠤᠨ ᠠᠯᠲᠠ᠂ ᠨᠠᠢᠮᠠᠨ ᠮᠥᠩᠭᠥ᠂ ᠳᠣᠯᠣᠭᠠᠨ ᠬᠦᠷᠡᠯ ᠨᠡᠶᠢᠲᠡ 20 ᠮᠧᠳᠠᠯ ᠬᠦᠷᠲᠡᠪᠡ᠃

ᠲᠡᠭᠦᠨᠴᠢᠯᠡᠨ ᠭ∙ᠡᠩᠬᠡᠰᠠᠷᠠᠭᠤᠯ᠂ ᠰ∙ᠮᠠᠷᠠᠯ᠂ ᠪ∙ᠡᠩᠬᠡᠪᠠᠶᠠᠰᠬᠤᠯᠠᠩ᠂ ᠪ∙ᠢᠷᠮᠡᠭᠦᠨᠪᠤᠯᠤᠳ ᠨᠠᠷ ︽ᠣᠯᠠᠨ ᠤᠯᠤᠰ ᠤᠨ ᠮᠠᠰᠲ᠋ᠸᠷ︾ ᠴᠣᠯᠠᠨ ᠤ ᠪᠣᠯᠵᠣᠯ ᠬᠠᠩᠭᠠᠯ᠎ᠠ᠃ ᠮᠣᠩᠭᠣᠯ ᠤᠯᠤᠰ ᠤᠨ ᠲᠡᠦᠬᠡᠨ ᠳᠦ ᠪᠠᠭ᠎ᠠ ᠨᠠᠰᠤᠨ ᠳᠤ ᠪᠠᠨ ᠴᠣᠯᠠᠨ ᠤ ᠪᠣᠯᠵᠣᠯ ᠬᠠᠩᠭᠠᠭᠰᠠᠨ ᠨᠢᠭᠡ ᠲᠠᠮᠢᠷᠴᠢᠨ ᠪᠠᠶᠢᠭᠰᠠᠨ ᠪᠣᠯ ᠡᠨᠡ ᠤᠳᠠᠭ᠎ᠠ ᠳᠤ ᠱ∙ᠨᠠᠷᠠᠨᠪᠠᠲᠤ᠂ ᠪ∙ᠵᠠᠮᠪᠠᠯᠪᠠᠶᠠᠷᠨᠢᠮ᠎ᠠ᠂ ᠠ᠊∙ᠳᠣᠯᠵᠢᠨ ᠨᠠᠷ ᠴᠣᠯᠠ ᠬᠦᠷᠢᠲᠦᠪᠡ᠃ ᠮᠥᠨ ᠭ∙ᠰᠣᠯᠣᠩᠭ᠎ᠠ ︽ᠶᠡᠬᠡ ᠮᠠᠰᠲ᠋ᠸᠷ︾ ᠴᠣᠯᠠᠨ ᠤ ᠪᠣᠯᠵᠣᠯ ᠢ ᠬᠠᠩᠭᠠᠵᠤ ᠂ ᠣᠯᠠᠨ ᠤᠯᠤᠰ ᠤᠨ ᠮᠠᠰᠲ᠋ᠸᠷ ᠴᠣᠯᠠᠨ ᠤ ᠪᠤᠯᠵᠤᠯ ᠢᠶᠠᠨ ᠠᠬᠢᠭᠤᠯᠤᠭᠰᠠᠨ ᠪᠣᠯ ᠤ᠊∙ᠰᠣᠯᠣᠩᠭ᠎ᠠ᠂ ᠪ∙ᠯᠾᠬᠠᠪᠠᠳᠤᠷᠵᠢ᠂ ᠲ∙ᠲᠡᠨᠢᠭᠦᠨ ᠨᠠᠷ ᠣᠯᠠᠨ ᠤᠯᠤᠰ ᠤᠨ ᠶᠡᠬᠡ ᠮᠠᠰᠲ᠋ᠸᠷ ᠤᠨ ᠲᠣᠭ᠎ᠠ ᠶᠢ ᠨᠡᠮᠡᠵᠡᠢ᠃ ᠡᠶᠢᠨ ᠬᠦ ᠲᠡᠮᠡᠴᠡᠭᠡᠨ ᠦ ᠪᠠᠭ ᠤᠨ ᠨᠡᠶᠢᠯᠡᠪᠦᠷᠢ ᠳ᠋ᠦᠩ ᠭᠠᠷᠴᠤ ᠬᠣᠶᠢᠳ ᠰᠣᠯᠣᠩᠭᠣᠰ ︵27252 ᠣᠨᠣᠭ᠎ᠠ︶᠍ ᠤᠨ ᠪᠠᠭ ᠠᠪᠤᠷᠭᠤᠯᠠᠵᠤ᠂ ᠮᠣᠩᠭᠣᠯ ᠤᠯᠤᠰ ︵23392 ᠣᠨᠣᠭ᠎ᠠ︶᠂ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ︵22638 ᠣᠨᠣᠭ᠎ᠠ︶ ᠤᠳᠠᠭᠠᠯᠠᠯ᠎ᠠ᠃

ᠰᠡᠳᠬᠢᠭᠳᠡᠯ ᠦᠯᠡᠳᠡᠭᠡᠬᠦ