ᠭᠠᠴᠤᠷᠠᠲᠤ ᠶᠢᠨ ᠠᠮᠠᠨ ᠳᠤ ᠪᠠᠭᠠᠪᠠᠭᠠᠢ ᠣᠷᠣᠵᠤ ᠢᠷᠡᠵᠡᠢ  | News.MN

 ᠭᠠᠴᠤᠷᠠᠲᠤ ᠶᠢᠨ ᠠᠮᠠᠨ ᠳᠤ ᠪᠠᠭᠠᠪᠠᠭᠠᠢ ᠣᠷᠣᠵᠤ ᠢᠷᠡᠵᠡᠢ 

ᠭᠠᠴᠤᠷᠠᠲᠤ ᠶᠢᠨ ᠰᠢᠷ᠎ᠠ ᠬᠣᠭᠣᠯᠠᠢ ᠶᠢᠨ ᠠᠮᠠᠨ ᠳᠤ ᠡᠨᠡ ᠰᠠᠷ᠎ᠠ ᠶᠢᠨ 6 ᠍ ᠳᠦ ᠪᠠᠭᠠᠪᠠᠭᠠᠢ ᠦᠵᠡᠭᠳᠡᠵᠡᠢ᠃ ᠥᠩᠭᠡᠷᠡᠭᠰᠡᠨ ᠶᠢᠰᠦᠳᠦᠭᠡᠷ ᠰᠠᠷ᠎ᠠ ᠠᠴᠠ ᠬᠣᠶᠢᠰᠢ ᠰᠡᠯᠡᠩᠭᠡ᠂ ᠰᠦᠬᠡᠪᠠᠭᠠᠲᠤᠷ᠂ ᠬᠡᠨᠲᠡᠢ᠂ ᠳᠣᠷᠣᠨᠠᠲᠤ ᠵᠡᠷᠭᠡ ᠠᠶᠢᠮᠠᠭ ᠤᠳ ᠤᠨ ᠵᠠᠷᠢᠮ ᠰᠤᠮᠤᠨ ᠳᠤ ᠪᠠᠭᠠᠪᠠᠭᠠᠢ ᠠᠭᠤᠯᠠᠨ ᠠᠴᠠ ᠪᠠᠭᠤᠵᠤ᠂ ᠬᠦᠮᠦᠨ᠂ ᠮᠠᠯ ᠳᠤ ᠬᠠᠯᠳᠠᠭᠰᠠᠨ ᠲᠣᠬᠢᠶᠠᠯᠳᠤᠯ ᠶᠡᠬᠡ ᠪᠡᠷ ᠭᠠᠷᠬᠤ ᠪᠣᠯᠤᠭᠰᠠᠨ᠃ ᠲᠡᠭᠡᠪᠡᠯ ᠥᠴᠥᠭᠡᠳᠦᠷ ᠬᠣᠲᠠ ᠶᠢᠨ ᠣᠶᠢᠷᠠᠯᠴᠠᠭ᠎ᠠ ᠪᠠᠭᠠᠪᠠᠭᠠᠢ ᠣᠷᠣᠵᠤ ᠢᠷᠡᠭᠰᠡᠨ ᠲᠣᠬᠢᠶᠠᠯᠳᠤᠯ ᠡᠶᠢᠨᠬᠦᠦ ᠭᠠᠷᠤᠯ᠎ᠠ᠃ ᠲᠡᠶᠢᠮᠦ ᠡᠴᠡ ᠢᠷᠭᠡᠳ ᠢ ᠬᠣᠲᠠ ᠶᠢᠨ ᠣᠢ ᠪᠠᠷ ᠠᠶᠠᠯᠠᠯ ᠬᠢᠬᠦ ᠦᠭᠡᠢ ᠪᠠᠶᠢᠬᠤ ᠶᠢ ᠨᠡᠶᠢᠰᠯᠡᠯ ᠦᠨ ᠪᠠᠶᠢᠭᠠᠯᠢ ᠣᠷᠴᠢᠨ ᠤ ᠭᠠᠵᠠᠷ ᠠᠴᠠ ᠠᠩᠬᠠᠷᠤᠭᠤᠯᠵᠤ ᠪᠠᠶᠢᠨ᠎ᠠ᠃

ᠰᠡᠳᠬᠢᠭᠳᠡᠯ ᠦᠯᠡᠳᠡᠭᠡᠬᠦ