ᠮᠥᠩᠭᠥᠨ ᠯᠤᠤ 2019 ᠣᠨ ᠤ ᠰᠢᠯᠢᠳᠡᠭ ᠣᠯᠳᠠᠪᠤᠷᠢ ᠪᠠᠷ ᠰᠢᠯᠭᠠᠷᠠᠯ᠎ᠠ  | News.MN

ᠮᠥᠩᠭᠥᠨ ᠯᠤᠤ 2019 ᠣᠨ ᠤ ᠰᠢᠯᠢᠳᠡᠭ ᠣᠯᠳᠠᠪᠤᠷᠢ ᠪᠠᠷ ᠰᠢᠯᠭᠠᠷᠠᠯ᠎ᠠ 

ᠠᠷᠤᠬᠠᠩᠭᠠᠢ ᠠᠶᠢᠮᠠᠭ ᠤᠨ ᠨᠤᠲᠤᠭ ᠲᠤ ᠬᠢᠭᠰᠡᠨ ︽ᠭᠣᠣᠯ ᠮᠣᠳᠣ-2 ᠾᠦᠩᠨᠤ︾ ᠢᠵᠠᠭᠤᠷᠲᠠᠨ ᠤ ᠬᠣᠶᠠᠷ ᠪᠤᠯᠠᠰᠢᠨ ᠤ ᠠᠷᠾᠸᠤᠯᠤᠭᠢ ᠶᠢᠨ ᠰᠤᠳᠤᠯᠭᠠᠨ ᠠᠮᠧᠷᠢᠺᠠ ᠶᠢᠨ ᠠᠷᠾᠸᠤᠯᠤᠭᠢ ᠶᠢᠨ ᠨᠡᠶᠢᠭᠡᠮᠯᠢᠭ ᠦᠨ  ︽ᠠᠷᠾᠸᠤᠯᠤᠭᠢ︾ ᠰᠡᠳᠬᠦᠯ ᠦᠨ ᠨᠡᠷᠡᠯᠡᠭᠰᠡᠨ 2019 ᠣᠨ ᠤ ᠰᠢᠯᠢᠳᠡᠭ ᠠᠷᠪᠠᠨ ᠠᠷᠾᠸᠤᠯᠤᠭᠢ  ᠶᠢᠨ ᠣᠯᠳᠠᠪᠤᠷᠢ ᠶᠢᠨ ᠲᠣᠭᠠᠨ ᠳᠤ ᠣᠷᠣᠵᠠᠢ᠃ ᠲᠤᠰ ᠰᠤᠳᠤᠯᠭᠠᠨ ᠢ ᠤᠯᠠᠭᠠᠨᠪᠠᠭᠠᠲᠤᠷ ᠤᠨ ᠶᠡᠬᠡ ᠰᠤᠷᠭᠠᠭᠤᠯᠢ ᠶᠢᠨ ᠪᠠᠭᠰᠢ᠂ ᠠᠷᠾᠸᠦᠯᠤᠭᠢᠴᠢ ᠳ∙ᠡᠷᠳᠡᠨᠢᠪᠠᠭᠠᠲᠤᠷ ᠫᠷᠣᠹᠧᠰᠰᠣᠷ ᠢᠶᠠᠷ ᠤᠳᠤᠷᠢᠳᠤᠭᠤᠯᠤᠭᠰᠠᠨ ᠪᠠᠭ ᠤᠨ ᠬᠢᠨ ᠬᠢᠭᠰᠡᠨ  ᠠᠵᠠᠢ᠃
ᠠᠷᠾᠸᠤᠯᠤᠭᠢ ᠶᠢᠨ ᠰᠡᠳᠬᠦᠯ ᠳᠦ ︽ᠡᠨᠡᠬᠦ ᠣᠯᠳᠠᠪᠤᠷᠢ ᠾᠦᠩᠨᠤ ᠭᠦᠷᠦᠨ ᠦ ᠦᠶ᠎ᠡ ᠳᠦ ᠬᠠᠷᠢᠶᠠᠯᠠᠭᠳᠠᠬᠤ  ᠠᠵᠠᠢ᠃ ᠾᠦᠩᠨᠤ ᠭᠦᠷᠦᠨ ᠨᠡᠶᠢᠲᠡ ᠶᠢᠨ ᠲᠣᠭᠠᠯᠠᠯ ᠤᠨ ᠡᠮᠦᠨᠡᠬᠢ ᠭᠤᠷᠪᠠᠳᠤᠭᠠᠷ ᠵᠠᠭᠤᠨ ᠠᠴᠠ ᠡᠬᠢᠯᠡᠨ ᠨᠡᠶᠢᠲᠡ ᠶᠢᠨ ᠲᠣᠭᠠᠯᠠᠯ ᠤᠨ ᠨᠢᠭᠡᠳᠦᠭᠡᠷ ᠵᠠᠭᠤᠨ ᠬᠦᠷᠲᠡᠯ᠎ᠡ ᠣᠷᠣᠰᠢᠨ ᠲᠣᠭᠲᠠᠨᠢᠭᠰᠠᠨ ᠨᠡᠭᠦᠳᠡᠯᠴᠢᠳ ᠦᠨ ᠭᠦᠷᠦᠨ ᠪᠢᠯᠡ᠃ ᠲᠡᠳᠡ ᠨᠡᠶᠢᠲᠡ ᠶᠢᠨ ᠲᠣᠭᠠᠯᠠᠯ ᠤᠨ ᠡᠮᠦᠨᠡᠬᠢ 206 ᠣᠨ ᠠᠴᠠ ᠨᠡᠶᠢᠲᠡ ᠶᠢᠨ ᠲᠣᠭᠠᠯᠠᠯ ᠤᠨ 220 ᠣᠨ ᠬᠦᠷᠲᠡᠯ᠎ᠡ ᠣᠷᠣᠰᠢᠭᠰᠠᠨ ᠬᠢᠲᠠᠳ ᠤᠨ ᠬᠠᠨ ᠭᠦᠷᠦᠨ ᠲᠡᠢ ᠳᠠᠶᠢᠲᠤᠵᠤ ᠪᠠᠶᠢᠭᠰᠠᠨ ᠪᠥᠭᠡᠳ ᠬᠠᠨ ᠭᠦᠷᠦᠨ ᠦ ᠠᠷᠠᠳ ᠲᠦᠮᠡᠨ ᠾᠦᠩᠨᠤ ᠭᠦᠷᠦᠨ ᠦ ᠨᠡᠭᠦᠳᠡᠯᠴᠢ ᠳᠠᠶᠢᠴᠢᠳ ᠠᠴᠠ ᠥᠪᠡᠷᠰᠡᠳ ᠢ ᠪᠡᠨ ᠬᠠᠮᠠᠭᠠᠯᠠᠬᠤ ᠶᠢᠨ ᠲᠤᠯᠠᠳᠠ ᠠᠩᠬ᠎ᠠ ᠴᠠᠭᠠᠨ ᠬᠡᠷᠡᠮ ᠢ ᠪᠠᠷᠢᠵᠤ ᠡᠬᠢᠯᠡᠭᠰᠡᠨ ᠲᠡᠦᠬᠡ ᠲᠡᠢ ᠬᠡᠮᠡᠨ ᠣᠨᠴᠠᠯᠠᠵᠠᠢ᠃

ᠰᠡᠳᠬᠢᠭᠳᠡᠯ ᠦᠯᠡᠳᠡᠭᠡᠬᠦ