︽ᠮᠣᠩᠭᠣᠯ ᠣᠷᠣᠨ ᠤ ᠬᠦᠷᠦᠰᠦ ᠰᠤᠳᠤᠯᠤᠯ-2019︾ ᠬᠤᠷᠠᠯ ᠪᠣᠯᠤᠯ᠎ᠠ  | News.MN

︽ᠮᠣᠩᠭᠣᠯ ᠣᠷᠣᠨ ᠤ ᠬᠦᠷᠦᠰᠦ ᠰᠤᠳᠤᠯᠤᠯ-2019︾ ᠬᠤᠷᠠᠯ ᠪᠣᠯᠤᠯ᠎ᠠ 

︽ᠳᠡᠯᠡᠬᠡᠢ ᠶᠢᠨ ᠬᠦᠷᠦᠰᠦ ᠰᠤᠳᠤᠯᠤᠯ ᠤᠨ ᠬᠣᠯᠪᠣᠭ᠎ᠠ︾ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ FAO ᠠᠴᠠ 2012 ᠣᠨ ᠠᠴᠠ ᠡᠬᠢᠯᠡᠨ ︽ᠳᠡᠯᠡᠬᠡᠢ ᠶᠢᠨ ᠬᠥᠷᠦᠰᠦᠨ ᠦ ᠡᠳᠦᠷ︾ ᠢ ᠵᠢᠯ ᠪᠦᠷᠢ ᠶᠢᠨ 12 ᠰᠠᠷ᠎ᠠ ᠳᠤ ᠲᠡᠮᠳᠡᠭᠯᠡᠬᠦ ᠪᠣᠯᠤᠭᠰᠠᠨ ᠲᠠᠢ ᠬᠣᠯᠪᠣᠭᠳᠠᠭᠤᠯᠤᠨ ︽ᠮᠣᠩᠭᠣᠯ ᠣᠷᠣᠨ ᠤ ᠬᠦᠷᠦᠰᠦ ᠰᠤᠳᠤᠯᠤᠯ-2019︾ ᠡᠷᠳᠡᠮ ᠰᠢᠨᠵᠢᠯᠡᠭᠡᠨ ᠦ ᠬᠤᠷᠠᠯ ᠢ 12.05 ᠳᠦ ᠵᠣᠬᠢᠶᠠᠨ ᠪᠠᠶᠢᠭᠤᠯᠤᠯ᠎ᠠ᠃ ᠰᠡᠭᠦᠯ ᠦᠨ ᠵᠢᠯ ᠦᠳ ᠲᠦ ᠡᠷᠴᠢᠮᠲᠡᠢ ᠶᠠᠪᠤᠭᠳᠠᠵᠤ ᠪᠠᠶᠢᠭ᠎ᠠ ᠠᠭᠤᠷ ᠠᠮᠢᠰᠬᠤᠯ ᠤᠨ ᠥᠭᠡᠷᠡᠴᠢᠯᠡᠯᠲᠡ ᠡᠴᠡ ᠬᠥᠷᠥᠰᠥ ᠡᠯᠡᠭᠳᠡᠵᠦ ᠡᠪᠳᠡᠷᠡᠬᠦ᠂ ᠦᠷᠡᠵᠢᠯ ᠰᠢᠮ᠎ᠡ ᠪᠠᠭᠤᠷᠠᠬᠤ᠂ ᠹᠢᠽᠢᠺ ᠬᠢᠮᠢ ᠶᠢᠨ ᠪᠤᠬᠢᠷᠳᠤᠯ ᠮᠠᠨ ᠤ ᠣᠷᠣᠨ ᠤ  ᠪᠠᠶᠢᠭᠠᠯᠢ ᠶᠢᠨ ᠪᠦᠬᠦ ᠪᠦᠰᠡᠯᠡᠭᠦᠷ ᠢ ᠬᠠᠮᠤᠷᠴᠦ᠂ ᠭᠠᠵᠠᠷ ᠠᠰᠢᠭᠯᠠᠯᠲᠠ ᠶᠢᠨ ᠲᠥᠷᠥᠯ ᠪᠦᠷᠢ ᠳᠦ ᠶᠡᠬᠡᠬᠡᠨ ᠢᠯᠡᠷᠡᠵᠦ ᠪᠠᠶᠢᠭ᠎ᠠ ᠨᠢ ᠬᠥᠷᠦᠰᠦᠨ ᠦ ᠨᠥᠭᠡᠴᠡ ᠶᠢ ᠠᠰᠢᠭᠯᠠᠵᠤ ᠪᠤᠢ ᠠᠷᠭ᠎ᠠ ᠬᠡᠯᠪᠡᠷᠢ᠂ ᠠᠮᠢᠳᠤᠷᠠᠯ ᠤᠨ ᠬᠡᠪ ᠵᠠᠭᠪᠤᠷ ᠪᠣᠯᠤᠨ ᠠᠵᠤ ᠠᠬᠤᠢ ᠡᠷᠬᠢᠯᠡᠬᠦ ᠦᠢᠯᠡ ᠠᠵᠢᠯᠯᠠᠭ᠎ᠠ ᠶᠢ ᠥᠭᠡᠷᠡᠴᠢᠯᠡᠨ ᠰᠠᠶᠢᠵᠢᠷᠠᠭᠤᠯᠬᠤ ᠬᠡᠷᠡᠭᠲᠡᠢ ᠶᠢ ᠢᠯᠡᠳᠬᠡᠵᠦ ᠪᠠᠶᠢᠨ᠎ᠠ᠃  ᠭᠠᠵᠠᠷ ᠤᠨ ᠪᠣᠳᠣᠯᠭ᠎ᠠ ᠶᠢᠨ ᠬᠦᠷᠢᠶᠡᠯᠡᠩ ᠦᠨ ᠰᠤᠳᠤᠯᠭᠠᠨ ︵1992 ᠣᠨ ᠳᠤ︶ ᠳᠤ ᠨᠡᠶᠢᠲᠡ 1206.4 ᠮᠢᠩᠭᠠᠨ ᠭᠠ ᠲᠠᠯᠠᠪᠠᠢ ᠬᠠᠮᠤᠷᠤᠭᠳᠠᠭᠰᠠᠨ ᠠᠴᠠ 561.5 ᠮᠢᠩᠭᠠᠨ ᠭᠠ ᠨᠢ ᠡᠯᠡᠭᠳᠡᠭᠰᠡᠨ᠂ ᠡᠭᠦᠨ ᠦ ᠳᠣᠲᠣᠷ᠎ᠠ 12.9 % ᠨᠢ ᠬᠦᠴᠦᠲᠡᠢ ᠡᠯᠡᠭᠳᠡᠭᠰᠡᠨ ᠪᠠᠶᠢᠭᠰᠠᠨ ᠪᠤᠯ᠂ 2010 ᠣᠨ ᠳᠤ ᠨᠡᠶᠢᠲᠡ 579.3 ᠮᠢᠩᠭᠠᠨ ᠭᠠ ᠬᠠᠮᠤᠷᠤᠭᠳᠠᠭᠰᠠᠨ ᠠᠴᠠ 100 ᠬᠤᠪᠢ ᠡᠯᠡᠭᠳᠡᠭᠰᠡᠨ ᠪᠠ 60.6 % ᠨᠢ ᠬᠦᠴᠦᠲᠡᠢ ᠡᠯᠡᠭᠳᠡᠭᠰᠡᠨ ᠭᠡᠰᠡᠨ ᠳ᠋ᠦᠩ ᠭᠠᠷᠴᠠᠢ᠃

ᠡᠨᠡ ᠤᠳᠠᠭ᠎ᠠ ᠶᠢᠨ ᠬᠤᠷᠠᠯ ᠢᠶᠠᠷ ᠮᠠᠨ ᠤ ᠣᠷᠣᠨ ᠤ ᠬᠦᠷᠦᠰᠦ ᠰᠤᠳᠤᠯᠤᠯ ᠤᠨ ᠰᠢᠨᠵᠢᠯᠡᠬᠦ ᠤᠬᠠᠭᠠᠨ ᠤ ᠲᠦᠪᠰᠢᠨ᠂ ᠪᠣᠳᠣᠯᠭ᠎ᠠ᠂ ᠬᠠᠤᠯᠢ ᠲᠣᠭᠲᠠᠭᠠᠮᠵᠢ ᠶᠢᠨ ᠬᠡᠷᠡᠭᠵᠢᠯᠲᠡ᠂ ᠬᠥᠷᠦᠰᠦᠨ ᠦ ᠦᠷᠡᠵᠢᠯ ᠰᠢᠮ᠎ᠡ᠂ ᠲᠠᠷᠢᠶᠠᠯᠠᠩ ᠤᠨ ᠬᠥᠷᠦᠰᠦᠨ ᠦ ᠡᠯᠡᠭᠳᠡᠯ ᠡᠪᠳᠡᠷᠡᠯ ᠦᠨ ᠰᠤᠳᠤᠯᠭᠠᠨ ᠂ ᠬᠣᠲᠠ ᠣᠷᠴᠢᠮ ᠤᠨ ᠬᠥᠷᠦᠰᠦᠨ ᠦ  ᠪᠤᠬᠢᠷᠳᠤᠯ᠂ ᠰᠢᠨᠵᠢᠯᠡᠭᠡᠨ ᠦ ᠦᠷ᠎ᠡ ᠳ᠋ᠦᠩ ᠂ ᠬᠥᠷᠥᠰᠥ ᠰᠠᠶᠢᠵᠢᠷᠠᠭᠤᠯᠬᠤ᠂ ᠬᠠᠮᠠᠭᠠᠯᠠᠬᠤ ᠠᠰᠠᠭᠤᠳᠠᠯ ᠢ ᠬᠡᠯᠡᠯᠴᠡᠵᠦ᠂ ᠡᠷᠳᠡᠮᠲᠡᠳ ᠰᠤᠳᠤᠯᠭᠠᠨ ᠤ ᠠᠷᠭ᠎ᠠ ᠵᠦᠢ᠂ ᠦᠷ᠎ᠡ ᠳ᠋ᠦᠩ ᠂ ᠲᠤᠷᠰᠢᠯᠭ᠎ᠠ ᠰᠤᠯᠢᠯᠴᠠᠬᠤ᠂ ᠰᠤᠳᠤᠯᠭᠠᠨ ᠤ ᠦᠷ᠎ᠡ ᠳ᠋ᠦᠩ ᠢ ᠰᠤᠷᠲᠠᠯᠴᠢᠯᠠᠬᠤ ᠪᠣᠯᠤᠨ ᠵᠠᠷᠢᠮ ᠲᠤᠯᠭᠠᠮᠳᠠᠭᠰᠠᠨ ᠠᠰᠠᠭᠤᠳᠠᠯ ᠤᠨ ᠰᠢᠢᠳᠪᠦᠷᠢ ᠲᠤᠰᠬᠠᠭᠤᠯᠬᠤ ᠲᠠᠯ᠎ᠠ ᠪᠠᠷ ᠬᠡᠯᠡᠯᠴᠡᠵᠦ ᠪᠠᠶᠢᠨ᠎ᠠ᠃

ᠰᠡᠳᠬᠢᠭᠳᠡᠯ ᠦᠯᠡᠳᠡᠭᠡᠬᠦ