The Hu ᠬᠠᠮᠲᠤᠯᠢᠭ ᠶᠠᠫᠣᠨ ᠳᠤ ᠲᠣᠭᠯᠠᠨ᠎ᠠ  | News.MN

The Hu ᠬᠠᠮᠲᠤᠯᠢᠭ ᠶᠠᠫᠣᠨ ᠳᠤ ᠲᠣᠭᠯᠠᠨ᠎ᠠ 

ᠾᠦᠩᠨᠤ ᠷᠣᠺ ᠤᠷᠤᠰᠬᠠᠯ ᠢᠶᠠᠷ ᠤᠷᠠᠨ ᠪᠦᠲᠦᠭᠡᠯ ᠢᠶᠡᠨ ᠲᠤᠭᠤᠷᠪᠢᠳᠠᠭ The Hu ᠬᠠᠮᠲᠤᠯᠢᠭ ᠢᠷᠡᠬᠦ ᠣᠨ ᠳᠤ ᠶᠠᠫᠣᠨ ᠤᠯᠤᠰ ᠲᠤ ᠲᠣᠭᠯᠠᠯᠲᠠ ᠪᠠᠨ ᠬᠢᠬᠦ ᠪᠡᠷ ᠪᠣᠯᠵᠠᠢ᠃ ᠲᠣᠳᠣᠷᠠᠭᠤᠯᠪᠠᠯ᠂ THE GEREG TOUR JAPAN 2020 ᠲᠣᠭᠯᠠᠯᠲᠠ ᠲᠤᠤᠺᠢᠤ᠋ ᠬᠤᠲᠠ ᠳᠤ ᠭᠤᠷᠪᠠᠳᠤᠭᠠᠷ ᠰᠠᠷ᠎ᠠ ᠶᠢᠨ 12 ᠍ ᠤ ᠡᠳᠦᠷ᠂ ᠤᠤᠰᠠᠺᠠ ᠬᠤᠲᠠ ᠳᠤ ᠭᠤᠷᠪᠠᠳᠤᠭᠠᠷ ᠰᠠᠷ᠎ᠠ ᠶᠢᠨ 13 ᠍ ᠤ ᠡᠳᠦᠷ ᠲᠤᠰ ᠲᠤᠰ ᠲᠣᠭᠯᠠᠬᠤ ᠶᠤᠮ ᠪᠠᠶᠢᠨ᠎ᠠ᠃ ᠲᠠᠰᠤᠯᠪᠤᠷᠢ ᠶᠢᠨ ᠬᠤᠪᠢ ᠳᠤ 7000 ᠶᠸᠨ ᠦ ᠦᠨ᠎ᠡ ᠲᠠᠢ ᠬᠤᠳᠠᠯᠳᠤᠭᠠᠯᠠᠭᠳᠠᠬᠤ ᠶᠤᠮ ᠃
ᠣᠳᠣ ᠶᠢᠨ ᠪᠠᠶᠢᠳᠠᠯ ᠢᠶᠠᠷ ᠲᠡᠳᠡᠨ ᠦ ᠲᠣᠭᠯᠠᠯᠲᠠ ᠶᠢ ᠠᠮᠧᠷᠢᠺᠠ ᠳᠠᠶᠠᠭᠠᠷ 300 ᠮᠢᠩᠭ᠎ᠠ ᠭᠠᠷᠤᠢ ᠬᠦᠮᠦᠨ ᠦᠵᠡᠵᠡᠢ᠃ The Hu ᠬᠠᠮᠲᠤᠯᠢᠭ ᠤᠨ ᠬᠢᠨ ᠡᠨᠡ ᠰᠠᠷ᠎ᠠ ᠶᠢᠨ 15 ᠍ ᠳᠦ ᠡᠬᠡ ᠣᠷᠣᠨ ᠳᠤ ᠪᠠᠨ ᠢᠷᠡᠬᠦ ᠪᠥᠭᠡᠳ ᠧᠦ᠋ᠷᠣᠫᠠ ᠶᠢᠨ ᠣᠷᠣᠨ ᠨᠤᠭᠤᠳ ᠢᠶᠠᠷ ᠠᠶᠠᠯᠠᠨ ᠲᠣᠭᠯᠠᠬᠤ ᠪᠠᠷ ᠲᠥᠯᠥᠪᠯᠡᠵᠡᠢ᠃

ᠰᠡᠳᠬᠢᠭᠳᠡᠯ ᠦᠯᠡᠳᠡᠭᠡᠬᠦ