︽ᠴᠦᠮᠦᠬᠡᠢ︾ ᠪᠠᠯᠧᠲ ᠢ ᠳ∙ᠠᠯᠲᠠᠨᠬᠤᠶᠠᠭ᠂ ᠷ∙ᠪᠤᠯᠠᠭᠠᠨ ᠠᠮᠢᠯᠠᠭᠤᠯᠤᠨ᠎ᠠ  | News.MN

 ︽ᠴᠦᠮᠦᠬᠡᠢ︾ ᠪᠠᠯᠧᠲ ᠢ ᠳ∙ᠠᠯᠲᠠᠨᠬᠤᠶᠠᠭ᠂ ᠷ∙ᠪᠤᠯᠠᠭᠠᠨ ᠠᠮᠢᠯᠠᠭᠤᠯᠤᠨ᠎ᠠ 

ᠬᠡᠦᠬᠡᠳ ᠪᠦᠬᠦᠨ ᠳᠦ ᠦᠯᠢᠭᠡᠷ ᠦᠨ ᠶᠢᠷᠲᠢᠨᠴᠦ ᠶᠢ ᠪᠡᠯᠡᠭᠯᠡᠳᠡᠭ ᠴᠠᠶᠢᠺᠤᠸᠢᠰᠺᠢ ᠶᠢᠨ ︽ᠱᠧᠯᠺᠦᠨᠴᠢᠺ︾ ᠪᠤᠶᠤ ︽ᠴᠦᠮᠦᠬᠡᠢ︾  ᠪᠠᠯᠧᠲ ᠠᠷᠪᠠᠨ ᠬᠣᠶᠠᠳᠤᠭᠠᠷ ᠰᠠᠷ᠎ᠠ ᠳᠤ ᠳᠥᠷᠪᠡᠨ ᠤᠳᠠᠭ᠎ᠠ ᠲᠣᠭᠯᠠᠭᠳᠠᠬᠤ ᠭᠡᠵᠦ ᠪᠠᠶᠢᠨ᠎ᠠ᠃ ︽ᠴᠦᠮᠦᠬᠡᠢ︾  ᠪᠠᠯᠧᠲ ᠢ ᠪᠠᠯᠧᠲᠴᠢᠨ ᠳ∙ᠠᠯᠲᠠᠨᠬᠤᠶᠠᠭ ᠠᠮᠢᠯᠠᠭᠤᠯᠤᠨ ᠬᠦᠷᠭᠡᠭᠰᠡᠭᠡᠷ ᠵᠢᠷᠭᠤᠭ᠎ᠠ  ᠳ᠋ᠡᠬᠢ ᠵᠢᠯ ᠲᠡᠢ ᠪᠡᠨ ᠵᠣᠯᠭᠠᠵᠤ ᠪᠠᠶᠢᠭ᠎ᠠ ᠶᠤᠮ᠃
ᠠᠷᠪᠠᠨ ᠬᠣᠶᠠᠳᠤᠭᠠᠷ ᠰᠠᠷ᠎ᠠ ᠶᠢᠨ 20᠂ 21᠂ 27᠂ 28 ᠍ ᠦ ᠡᠳᠦᠷ ᠦᠳ ᠲᠦ ᠳᠠᠭᠤᠷᠢ ᠶᠢᠨ ᠲᠢᠶᠠᠲ᠋ᠷ ᠤᠨ ᠲᠠᠶᠢᠰᠠᠨ᠎ᠠ ᠲᠣᠭᠯᠠᠭᠳᠠᠬᠤ  ︽ᠴᠦᠮᠦᠬᠡᠢ︾ ᠳᠦ ᠭᠠᠪᠢᠶᠠᠲᠤ ᠵᠦᠴᠦᠭᠡᠴᠢᠨ ᠳ∙ᠠᠯᠲᠠᠨᠬᠤᠶᠠᠭ ᠡᠬᠢᠨ ᠦ ᠡᠳᠦᠷ ᠦᠨ ᠲᠤᠭᠯᠠᠯᠲᠠ ᠳᠤ ᠣᠷᠣᠰ ᠤᠨ ᠭᠣᠴᠣᠯᠠᠯ ᠪᠠᠯᠧᠲᠴᠢᠨ ᠷ∙ᠪᠤᠯᠠᠭᠠᠨ ᠤ ᠬᠠᠮᠲᠤ ᠭᠣᠣᠯ ᠳᠦᠷᠢ ᠳᠦ ᠲᠣᠭᠯᠠᠬᠤ  ᠶᠤᠮ ᠃ ᠠᠩᠭᠯᠢ᠂ ᠠᠮᠧᠷᠢᠺᠠ ᠂ ᠧᠦ᠋ᠷᠣᠫᠠ ᠶᠢᠨ ᠤᠯᠤᠰ ᠣᠷᠣᠨ ᠨᠤᠭᠤᠳ ᠢ ᠪᠠᠶᠢᠯᠳᠤᠨ ᠳᠠᠭᠠᠭᠤᠯᠤᠭᠰᠠᠭᠠᠷ ᠢᠷᠡᠭᠰᠡᠨ ︽ᠴᠦᠮᠦᠬᠡᠢ︾ ᠶᠢᠨ ᠪᠠᠭᠠᠲᠤᠷ ᠤᠳ ᠡᠨᠡ ᠵᠢᠯ ᠴᠤ ᠪᠠᠰᠠ ᠮᠣᠩᠭᠣᠯ ᠤᠨ ᠢᠶᠠᠨ ᠮᠢᠩᠭ᠎ᠠ᠂ ᠮᠢᠩᠭᠠᠨ ᠦᠵᠡᠭᠴᠢᠳ ᠲᠦ ᠬᠦᠷᠬᠦ ᠳᠦ ᠪᠡᠯᠡᠨ ᠪᠣᠯᠵᠠᠢ᠃

ᠰᠡᠳᠬᠢᠭᠳᠡᠯ ᠦᠯᠡᠳᠡᠭᠡᠬᠦ