ᠼ∙ᠷᠠᠳᠨᠠ ᠠᠽᠢᠶ᠎ᠠ ᠲᠢᠪ ᠦᠨ ᠳᠡᠭᠡᠳᠦ ᠠᠮᠵᠢᠯᠲᠠ ᠶᠢ ᠰᠢᠨᠡᠴᠢᠯᠡᠯ᠎ᠡ  | News.MN

ᠼ∙ᠷᠠᠳᠨᠠ ᠠᠽᠢᠶ᠎ᠠ ᠲᠢᠪ ᠦᠨ ᠳᠡᠭᠡᠳᠦ ᠠᠮᠵᠢᠯᠲᠠ ᠶᠢ ᠰᠢᠨᠡᠴᠢᠯᠡᠯ᠎ᠡ 

 

ᠮᠠᠯᠠᠶᠢᠰᠢᠶ᠎ᠠ ᠤᠯᠤᠰ ᠲᠤ 21 ᠳ᠋ᠡᠬᠢ ᠤᠳᠠᠭ᠎ᠠ ᠶᠢᠨ ᠠᠽᠢᠶ᠎ᠠ ᠲᠢᠪ ᠦᠨ ᠠᠬᠠᠮᠠᠳ ᠮᠠᠰᠲ᠋ᠸᠷ ᠤᠳ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠨᠡ ᠰᠠᠷ᠎ᠠ ᠶᠢᠨ 2-6 ᠍ ᠤ ᠬᠣᠭᠣᠷᠣᠨᠳᠣ ᠦᠷᠭᠦᠯᠵᠢᠯᠡᠵᠦ ᠪᠤᠢ᠃
ᠲᠤᠰ ᠲᠡᠮᠡᠴᠡᠭᠡᠨ ᠳᠦ 29 ᠣᠷᠣᠨ ᠤ 3000 ᠣᠷᠴᠢᠮ  ᠲᠠᠮᠢᠷᠴᠢᠨ ᠣᠷᠣᠯᠴᠠᠵᠤ ᠪᠤᠢ ᠠᠴᠠ ᠮᠠᠨ ᠤ ᠤᠯᠤᠰ ᠤᠨ ᠲᠠᠮᠢᠷᠴᠢᠨ 85 ᠨᠠᠰᠤᠲᠠᠢ ᠼ∙ᠷᠠᠳᠨᠠ ᠭᠤᠸᠠᠢ 400 ᠮᠸᠲᠷ ᠦᠨM 85-89 ᠲᠥᠷᠥᠯ ᠳᠦ 1.21.82 ᠮᠢᠨᠦ᠋ᠲ ᠭᠦᠶᠦᠭᠰᠡᠨ ᠠᠮᠵᠢᠯᠲᠠ ᠪᠠᠷ ᠠᠽᠢᠶ᠎ᠠ ᠲᠢᠪ ᠦᠨ ᠠᠪᠤᠷᠭᠤ ᠪᠣᠯᠵᠤ᠂ ᠳᠡᠭᠡᠳᠦ ᠠᠮᠵᠢᠯᠲᠠ ᠶᠢ ᠰᠢᠨᠡᠴᠢᠯᠡᠨ ᠲᠣᠭᠲᠠᠭᠠᠯ᠎ᠠ ᠃ ᠡᠮᠦᠨ᠎ᠡ ᠨᠢ ᠡᠨᠡ ᠷᠧᠺᠣᠷᠳ᠋ ᠍ ᠢ ᠶᠠᠫᠣᠨ ᠤᠯᠤᠰ ᠤᠨ ᠲᠠᠮᠢᠷᠴᠢᠨ Hiroo Tanaka 2017 ᠣᠨ ᠳᠤ ᠬᠢᠲᠠᠳ ᠤᠨ Rugao  ᠬᠤᠲᠠ ᠳᠤ ᠪᠣᠯᠤᠭᠰᠠᠨ ᠠᠽᠢᠶ᠎ᠠ ᠶᠢᠨ  ᠠᠪᠤᠷᠭᠤ ᠰᠢᠯᠭᠠᠷᠠᠭᠤᠯᠬᠤ ᠲᠡᠮᠡᠴᠡᠭᠡᠨ ᠳᠦ 1.31.94 ᠮᠢᠨᠦ᠋ᠲ ᠭᠦᠶᠦᠭᠰᠡᠨ ᠢᠶᠡᠷ ᠡᠵᠡᠮᠰᠢᠵᠦ ᠪᠠᠶᠢᠵᠠᠢ᠃

ᠰᠡᠳᠬᠢᠭᠳᠡᠯ ᠦᠯᠡᠳᠡᠭᠡᠬᠦ