ᠰᠢᠯᠢᠳᠡᠭ ᠦᠨ ᠰᠢᠯᠢᠳᠡᠭ ᠤᠶᠠᠭᠠᠴᠢ ᠪᠠᠷ ᠤᠨᠤᠨ ᠤ ᠪᠠᠲᠤᠪᠢᠯᠢᠭ᠌ ᠲᠣᠳᠣᠷᠠᠵᠠᠢ  | News.MN

ᠰᠢᠯᠢᠳᠡᠭ ᠦᠨ ᠰᠢᠯᠢᠳᠡᠭ ᠤᠶᠠᠭᠠᠴᠢ ᠪᠠᠷ ᠤᠨᠤᠨ ᠤ ᠪᠠᠲᠤᠪᠢᠯᠢᠭ᠌ ᠲᠣᠳᠣᠷᠠᠵᠠᠢ 

ᠮᠣᠩᠭᠣᠯ ᠤᠨ ᠮᠣᠷᠢᠨ ᠰᠫᠣᠷᠲ ᠤᠶᠠᠭᠠᠴᠢᠳ ᠤᠨ ᠬᠣᠯᠪᠣᠭᠠᠨ ᠤ 2019 ᠣᠨ ᠤ ᠰᠢᠯᠢᠳᠡᠭ ᠦᠨ ᠰᠢᠯᠢᠳᠡᠭ ᠤᠶᠠᠭᠠᠴᠢ ᠪᠠᠷ ᠲᠣᠳᠣ ᠮᠠᠩᠯᠠᠢ ᠤᠶᠠᠭᠠᠴᠢ ᠤᠨᠤᠨ ᠤ ᠪᠠᠲᠤᠪᠢᠯᠢᠭ᠌ ᠰᠢᠯᠭᠠᠷᠠᠵᠠᠢ᠃ ᠲᠡᠷᠡ ᠪᠡᠷ ᠡᠮᠦᠨ᠎ᠡ ᠨᠢ 2015᠂ 2016᠂ 2017 ᠣᠨ ᠳᠤ ᠳᠠᠷᠠᠭᠠᠯᠠᠨ ᠤᠯᠤᠰ ᠤᠨ ᠰᠢᠯᠢᠳᠡᠭ ᠦᠨ ᠰᠢᠯᠢᠳᠡᠭ ᠤᠶᠠᠭᠠᠴᠢ ᠪᠠᠷ ᠲᠣᠳᠣᠷᠠᠵᠤ ᠪᠠᠶᠢᠭᠰᠠᠨ ᠶᠤᠮ᠃ ᠥᠩᠭᠡᠷᠡᠭᠰᠡᠨ ᠵᠢᠯ ᠦᠨ ᠰᠢᠯᠢᠳᠡᠭ ᠤᠶᠠᠭᠠᠴᠢ ᠪᠠᠷ ᠲᠦᠮᠡᠨᠳᠡᠯᠭᠡᠷ ᠦᠨ ᠶᠡᠬᠡᠪᠠᠶᠠᠷ  ᠰᠢᠯᠭᠠᠷᠠᠵᠤ ᠪᠠᠶᠢᠭᠰᠠᠨ᠃
ᠲᠣᠳᠣ ᠮᠠᠩᠯᠠᠢ ᠤᠶᠠᠭᠠᠴᠢ ᠤᠨᠤᠨ ᠤ ᠪᠠᠲᠤᠪᠢᠯᠢᠭ᠌᠂ ᠲᠦᠮᠡᠨᠳᠡᠯᠭᠡᠷ ᠦᠨ ᠶᠡᠬᠡᠪᠠᠶᠠᠷ᠂ ᠮᠢᠭᠮᠠᠷᠰᠦ᠋ᠷᠦᠩ ᠦᠨ  ᠠᠯᠲᠠᠨᠸᠴᠢᠷ ᠂ ᠲᠦᠪᠳᠡᠨ ᠦ ᠪᠠᠲᠤᠴᠤᠤᠵᠢ᠂ ᠭᠠᠩᠪᠠᠭᠠᠲᠤᠷ ᠤᠨ ᠪᠤᠶᠠᠨᠲᠤᠭᠲᠠᠬᠤ᠂ ᠪᠠᠶᠠᠷᠰᠠᠶᠢᠬᠠᠨ ᠤ  ᠯᠾᠬᠠᠪᠠᠸᠠᠴᠢᠷ ᠲᠡᠷᠢᠭᠦᠲᠡᠢ ᠡᠨᠡ ᠴᠠᠭ ᠦᠶ᠎ᠡ ᠶᠢᠨ ᠰᠢᠯᠢᠳᠡᠭ ᠤᠶᠠᠭᠠᠴᠢ ᠨᠠᠷ ᠡᠬᠢᠨ ᠦ ᠶᠢᠰᠦᠨ ᠤᠶᠠᠭᠠᠴᠢᠳ  ᠡᠷᠡᠮᠪᠡᠯᠡᠭᠳᠡᠵᠦ ᠪᠠᠶᠢᠭ᠎ᠠ ᠪᠥᠭᠡᠳ ᠡᠨᠡ ᠰᠠᠷ᠎ᠠ ᠶᠢᠨ 10 ᠳᠦ ᠮᠣᠩᠭᠣᠯ ᠤᠨ ᠮᠣᠷᠢᠨ ᠰᠫᠣᠷᠲ ᠤᠶᠠᠭᠠᠴᠢᠳ ᠤᠨ ᠬᠣᠯᠪᠣᠭᠠᠨ ᠤ ᠶᠡᠬᠡ ᠴᠡᠩᠭᠡᠭᠦᠨ ᠦ ᠦᠶ᠎ᠡ ᠪᠡᠷ ᠱᠠᠩᠨᠠᠯ ᠢ ᠭᠠᠷᠳᠠᠭᠤᠯᠬᠤ ᠶᠤᠮ ᠃

ᠰᠡᠳᠬᠢᠭᠳᠡᠯ ᠦᠯᠡᠳᠡᠭᠡᠬᠦ