ᠠᠭᠤᠷ ᠠᠮᠢᠰᠬᠤᠯ ᠤᠨ ᠥᠭᠡᠷᠡᠴᠢᠯᠡᠯᠲᠡ ᠪᠣᠯᠤᠨ ᠬᠦᠮᠦᠨ ᠦ ᠦᠢᠯᠡ ᠠᠵᠢᠯᠯᠠᠭᠠᠨ ᠤ ᠰᠥᠷᠭᠦ ᠨᠥᠯᠥᠭᠡᠯᠡᠯ ᠡᠴᠡ ᠡᠭᠦᠳᠦᠨ ᠭᠠᠵᠠᠷ ᠤᠨ ᠳᠣᠣᠷᠠᠬᠢ ᠪᠣᠯᠤᠨ ᠭᠠᠳᠠᠷᠭᠤ ᠶᠢᠨ ᠤᠰᠤᠨ ᠤ ᠨᠥᠭᠡᠴᠡ ᠬᠣᠮᠰᠠᠳᠠᠬᠤ᠂ ᠪᠤᠬᠢᠷᠳᠤᠬᠤ ᠶᠠᠪᠤᠳᠠᠯ ᠨᠡᠮᠡᠭᠳᠡᠵᠦ ᠪᠠᠶᠢᠨ᠎ᠠ᠃ ᠨᠡᠶᠢᠰᠯᠡᠯ ᠦᠨ ᠨᠤᠲᠤᠭ ᠳᠡᠪᠢᠰᠬᠡᠷ ᠲᠦ ᠶᠠᠪᠤᠭᠤᠯᠤᠭᠰᠠᠨ ᠤᠰᠤᠨ ᠤ ᠲᠣᠭ᠎ᠠ ᠪᠦᠷᠢᠳᠬᠡᠯ ᠢᠶᠡᠷ 48 ᠭᠣᠣᠯ ᠭᠤᠷᠤᠬ᠎ᠠ ᠠᠴᠠ ᠨᠢᠭᠡ᠂ 120 ᠪᠤᠯᠠᠭ ᠱᠠᠩᠳᠠ ᠠᠴᠠ ᠶᠢᠰᠦ᠂ 14 ᠷᠠᠰᠢᠶᠠᠨ ᠤᠰᠤᠨ ᠠᠴᠠ ᠬᠣᠶᠠᠷ᠂ ᠨᠠᠢᠮᠠᠨ ᠨᠠᠭᠤᠷ ᠡᠴᠡ ᠨᠢᠭᠡ ᠨᠢ ᠰᠢᠷᠭᠢᠵᠦ ᠦᠭᠡᠢ ᠪᠣᠯᠤᠭᠰᠠᠨ ᠪᠠᠶᠢᠨ᠎ᠠ ᠃ ᠵᠢᠯ ᠳᠦ ᠳᠤᠮᠳᠠᠴᠢ ᠪᠠᠷ 9000 ᠭᠠᠷᠤᠢ ᠭᠦᠨ ᠦ ᠬᠤᠳᠳᠤᠭ ᠠᠴᠠ 80 ᠣᠷᠴᠢᠮ ᠰᠠᠶ᠎ᠠ ᠱᠣᠣ ᠮᠧᠲ᠋ᠷ ᠤᠰᠤ ᠶᠢ ᠠᠰᠢᠭᠯᠠᠳᠠᠭ ᠮᠠᠨ ᠤ ᠬᠣᠲᠠ ᠶᠢᠨ ᠬᠤᠪᠢ ᠳᠤ ᠭᠦᠨ ᠦ ᠴᠡᠪᠡᠷ ᠤᠰᠤᠨ ᠤ ᠬᠡᠷᠡᠭᠯᠡᠭᠡ ᠶᠢ ᠪᠣᠯᠤᠮᠵᠢᠲᠤ ᠪᠦᠬᠦ ᠠᠷᠭ᠎ᠠ ᠵᠠᠮ ᠢᠶᠠᠷ ᠪᠠᠭᠤᠷᠠᠭᠤᠯᠵᠤ᠂ ᠭᠠᠳᠠᠷᠭᠤ ᠶᠢᠨ ᠤᠰᠤ ᠢᠯᠠᠩᠭᠤᠶ᠎ᠠ ᠪᠣᠷᠣᠭ᠎ᠠ᠂ ᠴᠠᠰᠤ᠂ ᠦᠶᠡᠷ ᠦᠨ ᠤᠰᠤ ᠶᠢ ᠬᠤᠷᠠᠮᠲᠤᠯᠠᠭᠤᠯᠤᠨ ᠠᠰᠢᠭᠯᠠᠬᠤ ᠨᠢ ᠡᠳ᠋ ᠍ ᠦᠨ ᠵᠠᠰᠠᠭ ᠤᠨ ᠪᠣᠯᠤᠭᠠᠳ ᠪᠠᠶᠢᠭᠠᠯᠢ ᠬᠠᠮᠠᠭᠠᠯᠠᠯ ᠤᠨ ᠣᠨᠴᠠᠭᠠᠢ ᠠᠴᠢ ᠬᠣᠯᠪᠣᠭᠳᠠᠯ ᠲᠠᠢ ᠶᠤᠮ᠃
ᠨᠡᠶᠢᠰᠯᠡᠯ ᠦᠨ ᠪᠠᠶᠢᠭᠠᠯᠢ ᠣᠷᠴᠢᠨ ᠤ ᠭᠠᠵᠠᠷ ᠠᠴᠠ 2019 ᠣᠨ ᠳᠤ ᠰᠣᠩᠭᠢᠨ᠎ᠠ ᠬᠠᠶᠢᠷᠬᠠᠨ ᠳᠡᠭᠦᠷᠭᠡ ᠶᠢᠨ 24 ᠳ᠋ᠤᠭᠡᠷ ᠬᠣᠷᠢᠶᠠᠨ ᠤ ᠨᠤᠲᠤᠭ ᠳᠡᠪᠢᠰᠬᠡᠷ ᠲᠣᠯᠣᠭᠠᠶᠢᠲᠤ ᠶᠢᠨ ᠪᠠᠷᠠᠭᠤᠨ ᠰᠠᠯᠠᠭᠠᠨ ᠤ ᠪᠤᠮᠪᠠᠲᠤ ᠶᠢᠨ ᠪᠤᠯᠠᠭ ᠢ ᠲᠦᠰᠢᠭᠯᠡᠨ 1.2 ᠮᠸᠲᠷ ᠭᠦᠨ ᠲᠡᠢ᠂ 1380.5 ᠠᠮᠠ ᠮᠧᠲ᠋ᠷ ᠤᠰᠤᠨ ᠲᠠᠯᠠᠪᠠᠢ ᠲᠠᠢ᠂ 10500 ᠱᠣᠣ ᠮᠧᠲ᠋ᠷ ᠡᠵᠡᠯᠡᠬᠦᠨ ᠲᠡᠢ ᠬᠦᠪ ︵ᠬᠢᠮᠡᠯ ᠨᠠᠭᠤᠷ︶ ᠪᠠᠶᠢᠭᠤᠯᠬᠤ ᠠᠵᠢᠯ ᠢ ᠨᠡᠶᠢᠰᠯᠡᠯ ᠦᠨ ᠲᠥᠰᠥᠪ ᠦᠨ 147 ᠰᠠᠶ᠎ᠠ ᠲᠥᠭᠥᠷᠢᠭ ᠦᠨ ᠬᠥᠷᠥᠩᠭᠡ ᠪᠡᠷ ᠠᠩᠬ᠎ᠠ ᠤᠳᠠᠭ᠎ᠠ ᠭᠦᠢᠴᠡᠳᠬᠡᠭᠦᠯᠦᠯᠡ᠃ ᠬᠦᠪ ᠪᠠᠶᠢᠭᠤᠯᠤᠭᠰᠠᠨ ᠢᠶᠠᠷ ᠳᠡᠭᠡᠷ᠎ᠡ ᠳᠤᠷᠠᠳᠤᠭᠰᠠᠨ ᠠᠴᠢ ᠬᠣᠯᠪᠣᠭᠳᠠᠯ ᠲᠠᠢ ᠠᠴᠠ ᠭᠠᠳᠠᠨ᠎ᠠ ᠲᠤᠬᠠᠢ ᠶᠢᠨ ᠣᠷᠴᠢᠨ ᠤ ᠪᠢᠣᠯᠣᠭᠢ ᠶᠢᠨ ᠲᠥᠷᠥᠯ ᠵᠦᠢᠯ ᠨᠡᠮᠡᠭᠳᠡᠬᠦ᠂ ᠠᠮᠢᠳᠤᠷᠠᠬᠤ ᠲᠠᠭᠠᠲᠠᠢ ᠣᠷᠴᠢᠨ ᠪᠥᠷᠢᠳᠬᠦ ᠵᠡᠷᠭᠡ ᠳᠠᠪᠠᠭᠤ ᠲᠠᠯ᠎ᠠ ᠨᠤᠭᠤᠳ ᠲᠠᠢ᠃