︽ᠰᠠᠷᠠᠯ ᠵᠢᠭᠰᠠᠭᠠᠯᠲᠠ ︾᠍ ᠠᠴᠠ ᠭᠠᠷᠬᠤ ᠡᠬᠢᠨ ᠦ ᠠᠯᠬᠤᠮ ᠢᠶᠠᠨ ᠬᠢᠵᠡᠢ  | News.MN

 ︽ᠰᠠᠷᠠᠯ ᠵᠢᠭᠰᠠᠭᠠᠯᠲᠠ ︾᠍ ᠠᠴᠠ ᠭᠠᠷᠬᠤ ᠡᠬᠢᠨ ᠦ ᠠᠯᠬᠤᠮ ᠢᠶᠠᠨ ᠬᠢᠵᠡᠢ 

ᠮᠣᠩᠭᠣᠯ ᠤᠯᠤᠰ ᠢ ︽ᠰᠠᠷᠠᠯ ᠵᠢᠭᠰᠠᠭᠠᠯᠲᠠ︾᠍ ᠳᠦ ᠣᠷᠣᠭᠤᠯᠤᠭᠰᠠᠨ ᠲᠤᠬᠠᠢ ᠡᠨᠡ ᠣᠨ ᠤ ᠠᠷᠪᠠᠳᠤᠭᠠᠷ ᠰᠠᠷ᠎ᠠ ᠳᠤ ᠵᠠᠷᠯᠠᠭᠰᠠᠨ᠃ ᠢᠩᠭᠢᠬᠦ ᠳᠦ ᠪᠡᠨ ᠮᠣᠩᠭᠣᠯ ᠤᠯᠤᠰ ᠢ ᠳᠥᠷᠪᠡᠨ ᠵᠥᠪᠯᠡᠮᠵᠢ ᠶᠢ ᠬᠡᠷᠡᠭᠵᠢᠭᠦᠯᠬᠦ ᠱᠠᠭᠠᠷᠳᠠᠯᠭ᠎ᠠ ᠲᠠᠢ ᠭᠡᠵᠦ ᠦᠵᠡᠭᠰᠡᠨ ᠶᠤᠮ᠃ ᠡᠨᠡ ᠬᠦᠷᠢᠶᠡᠨ ᠳᠦ ᠰᠠᠩᠬᠦᠦ ᠶᠢᠨ ᠵᠣᠬᠢᠴᠠᠭᠤᠯᠬᠤ ᠬᠣᠷᠢᠶ᠎ᠠ ᠮᠥᠩᠭᠥ ᠤᠬᠢᠶᠠᠬᠤ᠂ ᠲᠧᠷᠷᠣᠷᠢᠰᠮ ᠢ ᠰᠠᠩᠬᠦᠦᠵᠢᠭᠦᠯᠬᠦ ᠲᠡᠢ ᠲᠡᠮᠡᠴᠡᠬᠦ ᠬᠠᠤᠯᠢ ᠲᠣᠭᠲᠠᠭᠠᠮᠵᠢ ᠵᠥᠷᠢᠴᠡᠭᠰᠡᠨ  ᠵᠦᠷᠢᠴᠡᠯ ᠳᠦ ᠲᠣᠬᠢᠷᠠᠭᠰᠠᠨ᠂ ᠳᠠᠬᠢᠨ ᠵᠥᠷᠢᠴᠡᠯ ᠦᠢᠯᠡᠳᠬᠦ ᠡᠴᠡ ᠤᠷᠢᠳᠴᠢᠯᠠᠨ ᠰᠡᠷᠭᠡᠶᠢᠯᠡᠬᠦᠶᠢᠴᠡ ᠬᠠᠷᠢᠭᠤᠴᠠᠯᠭ᠎ᠠ ᠶᠢᠨ ᠠᠷᠭ᠎ᠠ ᠬᠡᠮᠵᠢᠶ᠎ᠡ ᠶᠢ ᠠᠪᠬᠤ᠂ ᠮᠥᠩᠭᠥ ᠤᠬᠢᠶᠠᠬᠤ ᠠᠷᠭ᠎ᠠ ᠬᠡᠯᠪᠡᠷᠢ ᠶᠢᠨ ᠪᠤᠰᠤᠳ ᠢᠯᠭᠠᠭ᠎ᠠ ᠲᠠᠢ ᠲᠥᠷᠥᠯ ᠬᠡᠯᠪᠡᠷᠢ ᠪᠡᠷ ᠮᠥᠷᠳᠡᠨ ᠰᠢᠯᠭᠠᠬᠤ ᠠᠵᠢᠯᠯᠠᠭ᠎ᠠ᠂ ᠲᠡᠭᠦᠨ ᠳᠦ ᠲᠠᠯᠪᠢᠬᠤ ᠫᠷᠣᠺᠦ᠋ᠷᠣᠷ ᠤᠨ ᠬᠢᠨᠠᠯᠲᠠ ᠳᠤ ᠠᠬᠢᠴᠠ ᠭᠠᠷᠭᠠᠬᠤ᠂ ᠲᠡᠭᠦᠨ ᠢ ᠪᠡᠨ ᠬᠠᠷᠠᠭᠤᠯᠬᠤ᠂ ᠬᠢᠯᠢ ᠪᠡᠷ ᠨᠡᠪᠲᠡᠷᠡᠭᠦᠯᠬᠦ ᠳᠦ ᠪᠡᠨ ᠬᠤᠳᠠᠯ ᠮᠡᠳᠡᠭᠦᠯᠦᠭᠰᠡᠨ ᠪᠣᠯᠤᠨ ᠮᠡᠳᠡᠭᠦᠯᠦᠭᠡ ᠦᠭᠡᠢ ᠮᠥᠩᠭᠥ ᠶᠢ ᠬᠤᠷᠢᠶᠠᠬᠤ ᠭᠡᠬᠦ ᠮᠡᠲᠦ ᠠᠵᠢᠯ ᠤᠳ ᠪᠠᠭᠲᠠᠭᠰᠠᠨ ᠃ ᠲᠡᠭᠡᠪᠡᠯ ᠲᠥᠪ ᠪᠠᠩᠬᠢᠨ ᠤ ᠬᠢᠨ 2020 ᠣᠨ ᠳᠤ ᠪᠠᠭᠲᠠᠵᠤ ᠂ ︽ᠰᠠᠷᠠᠯ ᠵᠢᠭᠰᠠᠭᠠᠯᠲᠠ︾ ᠠᠴᠠ ᠭᠠᠷᠬᠤ ᠲᠥᠯᠥᠪᠯᠡᠭᠡ ᠪᠣᠯᠪᠠᠰᠤᠷᠠᠭᠤᠯᠤᠭᠰᠠᠨ ᠢᠶᠠᠨ ᠲᠠᠨᠢᠯᠴᠠᠭᠤᠯᠤᠭᠰᠠᠨ᠃ ᠡᠬᠢᠨ ᠦ ᠬᠤᠷᠠᠯ 2020 ᠣᠨ ᠤ ᠨᠢᠭᠡᠳᠦᠭᠡᠷ ᠰᠠᠷ᠎ᠠ ᠳᠤ ᠪᠣᠯᠤᠨ᠎ᠠ᠃ ᠮᠣᠩᠭᠣᠯ ᠤᠯᠤᠰ ᠡᠨᠡ ᠬᠤᠷᠠᠯ ᠢᠶᠠᠷ ᠲᠠᠶᠢᠯᠤᠨ ᠢᠶᠠᠨ ᠬᠡᠯᠡᠯᠴᠡᠭᠦᠯᠬᠦ ᠪᠡᠷ ᠡᠬᠢᠨ ᠦ  ᠲᠠᠶᠢᠯᠤᠨ ᠢᠶᠠᠨ ᠬᠦᠷᠭᠡᠭᠦᠯᠵᠡᠢ᠃ ᠥᠭᠡᠷ᠎ᠡ ᠪᠡᠷ ᠬᠡᠯᠡᠪᠡᠯ᠂ ᠮᠣᠩᠭᠣᠯ ᠤᠯᠤᠰ ︽ᠰᠠᠷᠠᠯ ᠵᠢᠭᠰᠠᠭᠠᠯᠲᠠ︾ ᠍ ᠠᠴᠠ ᠭᠠᠷᠬᠤ ᠡᠬᠢᠨ ᠦ ᠠᠯᠬᠤᠮ ᠢᠶᠠᠨ ᠬᠢᠵᠡᠢ ᠃
ᠮᠣᠩᠭᠣᠯ  ᠪᠠᠩᠭᠢᠨ ᠤ ᠶᠡᠷᠦᠩᠬᠡᠶᠢᠯᠡᠭᠴᠢ ᠪ∙ᠯᠾᠬᠠᠪᠠᠰᠦ᠋ᠷᠤᠩ ᠡᠨᠡ ᠲᠤᠬᠠᠢ᠄ ᠡᠨᠡ ᠬᠤᠷᠠᠯ ᠢᠶᠠᠷ ᠮᠠᠨ ᠤ  ᠲᠠᠶᠢᠯᠤᠨ ᠢ ᠬᠡᠯᠡᠯᠴᠡᠭᠰᠡᠨ ᠦ ᠳᠠᠷᠠᠭ᠎ᠠ ᠂ ᠦᠨᠡᠯᠡᠭᠡᠨ ᠦ ᠪᠠᠭ ᠮᠠᠨ ᠤ ᠤᠯᠤᠰ ᠲᠤ ᠢᠷᠡᠵᠦ ᠭᠠᠵᠠᠷ ᠳᠡᠭᠡᠷᠡᠬᠢ ᠬᠢᠨᠠᠯᠲᠠ ᠰᠢᠯᠭᠠᠯᠲᠠ ᠶᠢ ᠬᠢᠬᠦ ᠳᠠᠷᠠᠭ᠎ᠠ ᠶᠢᠨ ᠦᠶ᠎ᠡ ᠱᠠᠲᠤ ᠪᠠᠶᠢᠨ᠎ᠠ᠃ ᠮᠣᠩᠭᠣᠯ ᠤᠯᠤᠰ ᠬᠠᠩᠭᠠᠯᠲᠠᠲᠠᠢ ᠠᠷᠭ᠎ᠠ ᠬᠡᠮᠵᠢᠶ᠎ᠡ ᠠᠪᠤᠭᠰᠠᠨ ᠭᠡᠵᠦ ᠦᠵᠡᠭᠰᠡᠨ ᠲᠣᠬᠢᠶᠠᠯᠳᠤᠯ ᠳᠤ ᠮᠠᠨ ᠤ ᠠᠰᠠᠭᠤᠳᠠᠯ ᠢ ᠬᠡᠯᠡᠯᠴᠡᠭᠦᠯᠬᠦ ᠨᠥᠬᠥᠴᠡᠯ ᠪᠥᠷᠢᠳᠦᠨ᠎ᠡ᠃ ᠢᠩᠭᠢᠭᠰᠡᠨ ᠢᠶᠡᠷ ︽ᠰᠠᠷᠠᠯ ᠵᠢᠭᠰᠠᠭᠠᠯᠲᠠ︾ ᠠᠴᠠ ᠭᠠᠷᠬᠤ ᠬᠠᠮᠤᠭ ᠤᠨ ᠡᠬᠢᠨ ᠦ ᠪᠣᠯᠤᠮᠵᠢ 2020 ᠣᠨ ᠤ ᠠᠷᠪᠠᠳᠤᠭᠠᠷ ᠰᠠᠷ᠎ᠠ ᠳᠤ ᠪᠣᠯᠬᠤ ᠬᠤᠷᠠᠯ ᠪᠠᠶᠢᠬᠤ ᠪᠣᠯᠤᠨ᠎ᠠ ᠭᠡᠰᠡᠨ ᠶᠤᠮ᠃

ᠰᠡᠳᠬᠢᠭᠳᠡᠯ ᠦᠯᠡᠳᠡᠭᠡᠬᠦ