ᠠᠽᠢᠶ᠎ᠠ ᠲᠢᠪ ᠦᠨ ᠮᠥᠩᠭᠥᠨ ᠮᠸᠳᠠᠯᠲᠠᠨ ᠪᠤᠯᠪᠠ | News.MN

ᠠᠽᠢᠶ᠎ᠠ ᠲᠢᠪ ᠦᠨ ᠮᠥᠩᠭᠥᠨ ᠮᠸᠳᠠᠯᠲᠠᠨ ᠪᠤᠯᠪᠠ

ᠮᠠᠯᠠᠶᠢᠰᠢᠶ᠎ᠠ ᠤᠯᠤᠰ  ᠲᠤ ᠵᠣᠬᠢᠶᠠᠨ ᠪᠠᠶᠢᠭᠤᠯᠤᠭᠳᠠᠵᠤ ᠪᠠᠶᠢᠭ᠎ᠠ ᠭᠦᠶᠦᠯᠲᠡ ᠶᠢᠨ ᠮᠠᠰᠲ᠋ᠸᠷ ᠤᠳ ᠤᠨ ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ 5000 ᠮᠸᠲᠷ ᠵᠠᠢ ᠳᠤ ᠭᠤᠪᠢᠰᠦ᠋ᠮᠪᠤᠷ ᠠᠶᠢᠮᠠᠭ ᠤᠨ ᠣᠨᠴᠠᠭᠠᠢ ᠪᠠᠶᠢᠳᠠᠯ ᠤᠨ ᠭᠠᠵᠠᠷ ᠤᠨ ᠠᠬᠠᠮᠠᠳ ᠠᠵᠢᠯᠲᠠᠨ᠂ ᠪᠡᠯᠡᠳᠬᠡᠯ ᠠᠬᠠᠯᠠᠬᠤ ᠠᠬᠠᠯᠠᠭᠴᠢ ᠳ ∙ ᠠᠷᠢᠭᠤᠨᠵᠢᠷᠭᠠᠯ ᠮᠥᠩᠭᠥᠨ ᠮᠧᠳᠠᠯ ᠬᠦᠷᠲᠡᠯ᠎ᠡ᠃
ᠡᠨᠡ ᠰᠠᠷ᠎ᠠ ᠶᠢᠨ 07 ᠍ ᠢ ᠬᠦᠷᠲᠡᠯ᠎ᠡ ᠦᠷᠭᠦᠯᠵᠢᠯᠡᠬᠦ ᠲᠤᠰ ᠲᠡᠮᠡᠴᠡᠭᠡᠨ ᠳᠦ 29 ᠤᠯᠤᠰ ᠤᠨ 3000 ᠭᠠᠷᠤᠢ ᠲᠠᠮᠢᠷᠴᠢᠨ ᠣᠷᠣᠯᠴᠠᠵᠤ ᠪᠠᠶᠢᠭ᠎ᠠ ᠪᠥᠭᠡᠳ ᠮᠣᠩᠭᠣᠯ ᠤᠯᠤᠰ ᠠᠴᠠ 31 ᠲᠠᠮᠢᠷᠴᠢᠨ ᠣᠷᠣᠯᠴᠠᠵᠤ ᠪᠠᠶᠢᠨ᠎ᠠ᠃ ᠳ∙ᠠᠷᠢᠭᠤᠨᠵᠢᠷᠭᠠᠯ ᠨᠢ ᠲᠤᠰ ᠲᠡᠮᠡᠴᠡᠭᠡᠨ ᠦ ᠰᠠᠭᠠᠳ ᠲᠠᠢ 3000 ᠮᠸᠲᠷ᠂ 10 ᠺᠢᠯᠣᠮᠧᠲ᠋ᠷ ᠵᠠᠢ ᠶᠢᠨ ᠭᠦᠶᠦᠯᠲᠡ ᠶᠢᠨ ᠲᠥᠷᠥᠯ ᠦᠳ ᠲᠦ ᠮᠥᠨ ᠤᠷᠤᠯᠴᠠᠬᠤ ᠶᠤᠮ ᠭᠡᠵᠦ ᠣᠨᠴᠠᠭᠠᠢ ᠪᠠᠶᠢᠳᠠᠯ ᠤᠨ ᠶᠡᠷᠦᠩᠬᠡᠢ ᠭᠠᠵᠠᠷ ᠠᠴᠠ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ