ᠵᠠᠭᠪᠤᠷ ᠡᠮᠦᠰᠦᠭᠴᠢ ᠰ∙ᠰᠠᠷᠠᠨᠠᠢ  ᠶᠢᠨ ᠮᠥᠷᠥᠭᠡᠳᠦᠯ ᠪᠡᠶᠡᠯᠡᠵᠡᠢ  | News.MN

ᠵᠠᠭᠪᠤᠷ ᠡᠮᠦᠰᠦᠭᠴᠢ ᠰ∙ᠰᠠᠷᠠᠨᠠᠢ  ᠶᠢᠨ ᠮᠥᠷᠥᠭᠡᠳᠦᠯ ᠪᠡᠶᠡᠯᠡᠵᠡᠢ 

ᠡᠨᠡ ᠵᠢᠯ ᠦᠨ ︽ᠭᠤᠶᠤᠯᠠᠯ-2020︾ ᠨᠠᠭᠠᠳᠤᠮ ᠤᠨ ᠲᠠᠶᠢᠰᠠ ᠶᠢ ᠵᠠᠭᠪᠤᠷ ᠡᠮᠦᠰᠦᠭᠴᠢᠳ ᠦᠨ ᠡᠭᠦᠰᠬᠡᠨ ᠪᠠᠶᠢᠭᠤᠯᠤᠭᠰᠠᠨ  ᠪᠷᠠᠨᠳ᠋ ᠤᠳ ︽ᠴᠢᠮᠡᠭᠰᠡᠨ︾ ᠭᠡᠵᠦ ᠬᠡᠯᠡᠵᠦ ᠪᠣᠯᠤᠨ᠎ᠠ᠃ ᠵᠢᠱᠢᠶᠡᠯᠡᠪᠡᠯ᠂ ᠭᠤᠶᠤᠯᠠᠯ ᠨᠠᠭᠠᠳᠤᠮ ᠤᠨ 13 ᠳ᠋ᠡᠬᠢ ᠲᠣᠫ ᠮᠣᠳᠧᠯ ᠴ∙ᠤᠨᠳᠤᠷᠬᠤ ᠥᠪᠡᠷ ᠦᠨ UGI  ᠪᠷᠠᠨᠳ᠋  ᠢᠶᠠᠨ ᠲᠠᠨᠢᠯᠴᠠᠭᠤᠯᠵᠤ᠂ ᠠᠩᠬ᠎ᠠ ᠤᠳᠠᠭ᠎ᠠ ᠭᠤᠶᠤᠯᠠᠯ ᠍ ᠤᠨ ᠲᠠᠶᠢᠰᠠᠨ᠎ᠠ ᠲᠠᠨᠢᠯᠴᠠᠭᠤᠯᠤᠭᠰᠠᠨ ᠪᠣᠯ ᠵᠠᠭᠪᠤᠷ ᠡᠮᠦᠰᠦᠭᠴᠢ ᠰ∙ᠰᠠᠷᠠᠨᠠᠢ ᠥᠪᠡᠷ ᠦᠨ Monroze  ᠪᠷᠠᠨᠳ᠋ ᠢᠶᠠᠨ ᠲᠠᠨᠢᠯᠴᠠᠭᠤᠯᠵᠤ᠂ ᠥᠪᠡᠷ ᠢᠶᠡᠨ ᠲᠠᠶᠢᠰᠠᠨ ᠳᠡᠭᠡᠷ᠎ᠡ ᠠᠯᠬᠤᠭᠰᠠᠨ ᠶᠤᠮ᠃
ᠣᠯᠠᠨ᠎ᠠ  ︽ᠶᠠᠭ ᠲᠡᠭᠦᠨ ᠰᠢᠭ︾ ᠴᠡᠩᠭᠡᠭᠦᠨ ᠤ ᠣᠷᠣᠯᠴᠠᠭᠴᠢ ᠭᠡᠳᠡᠭ ᠢᠶᠡᠷ ᠢᠶᠡᠨ ᠲᠠᠨᠢᠭᠳᠠᠭᠰᠠᠨ ᠵᠠᠭᠪᠤᠷ ᠡᠮᠦᠰᠦᠭᠴᠢ ᠪᠦᠰᠡᠭᠦᠢ ᠡᠨᠡ ᠵᠢᠯ ᠠᠩᠬ᠎ᠠ ᠤᠳᠠᠭ᠎ᠠ ︽ᠭᠤᠶᠤᠯᠠᠯ-2020︾  ᠨᠠᠭᠠᠳᠤᠮ ᠳᠤ ᠣᠷᠣᠯᠴᠠᠵᠤ᠂  ︽ᠰᠢᠯᠢᠳᠡᠭ ᠵᠠᠯᠠᠭᠤ ᠳ᠋ᠢᠽᠠᠶᠢᠨᠧᠷ︾ ᠍ ᠤᠨ ᠱᠠᠩᠨᠠᠯ ᠢ ᠬᠦᠷᠲᠡᠭᠡᠳ ᠠᠮᠵᠢᠯ᠎ᠠ᠃ ᠲᠡᠷᠡᠪᠡᠷ ᠪᠠᠶᠠᠷ ᠤᠨ ᠰᠡᠳᠬᠢᠭᠳᠡᠯ ᠡᠴᠡ ᠪᠡᠨ ᠬᠤᠪᠢᠶᠠᠯᠴᠠᠬᠤ ᠳᠤ ᠪᠠᠨ ᠄ ᠠᠩᠬ᠎ᠠ ᠤᠳᠠᠭ᠎ᠠ ᠥᠪᠡᠷ ᠦᠨ ᠭᠠᠷᠭᠠᠭᠰᠠᠨ ᠵᠠᠭᠪᠤᠷ ᠢᠶᠠᠷ ︽ᠭᠤᠶᠤᠯᠠᠯ-2020︾  ᠨᠠᠭᠠᠳᠤᠮ ᠳᠤ ᠣᠷᠣᠵᠤ᠂ ᠥᠪᠡᠷ ᠦᠨ  ᠵᠠᠭᠪᠤᠷ ᠢ ᠲᠠᠶᠢᠰᠠᠨ ᠳᠡᠭᠡᠷ᠎ᠡ ᠠᠮᠢᠯᠠᠭᠤᠯᠬᠤ ᠮᠥᠷᠥᠭᠡᠳᠦᠯ ᠮᠠᠨᠢ  ᠪᠡᠶᠡᠯᠡᠯ᠎ᠡ ᠭᠡᠰᠡᠨ ᠶᠤᠮ᠃

 

ᠰᠡᠳᠬᠢᠭᠳᠡᠯ ᠦᠯᠡᠳᠡᠭᠡᠬᠦ