ᠬᠡᠷᠪᠡ ᠬᠣᠷᠢᠭ ᠢ ᠬᠦᠯᠢᠶᠡᠭᠡᠳ ᠠᠪᠴᠢᠬᠠᠪᠠᠯ ᠲᠥᠰᠥᠪ ᠢ ᠳᠠᠬᠢᠨ ᠵᠠᠳᠠᠯᠤᠨ᠎ᠠ  | News.MN

ᠬᠡᠷᠪᠡ ᠬᠣᠷᠢᠭ ᠢ ᠬᠦᠯᠢᠶᠡᠭᠡᠳ ᠠᠪᠴᠢᠬᠠᠪᠠᠯ ᠲᠥᠰᠥᠪ ᠢ ᠳᠠᠬᠢᠨ ᠵᠠᠳᠠᠯᠤᠨ᠎ᠠ 

︽2020 ᠣᠨ ᠤ ᠲᠥᠰᠥᠪ ᠦᠨ ᠲᠤᠬᠠᠢ︾ ᠬᠠᠤᠯᠢ ᠳᠤ ᠬᠡᠰᠡᠭᠴᠢᠯᠡᠨ ᠬᠣᠷᠢᠭ ᠲᠠᠯᠪᠢᠵᠤ ᠪᠠᠶᠢᠭ᠎ᠠ ᠪᠠᠨ ᠶᠡᠷᠦᠩᠬᠡᠶᠢᠯᠡᠭᠴᠢ ᠬ∙ᠪᠠᠲᠤᠲᠤᠯᠭ᠎ᠠ ᠥᠴᠥᠭᠡᠳᠦᠷ ᠪᠤᠶᠤ ᠠᠷᠪᠠᠨ ᠬᠣᠶᠠᠳᠤᠭᠠᠷ ᠰᠠᠷ᠎ᠠ ᠶᠢᠨ 3 ᠍ ᠳᠦ ᠮᠡᠳᠡᠭᠳᠡᠭᠰᠡᠨ᠃ ᠡᠨᠡ ᠲᠠᠯ᠎ᠠ ᠪᠠᠷ ᠤᠯᠤᠰ ᠤᠨ ᠶᠡᠬᠡ ᠬᠤᠷᠠᠯ ᠳ᠋ᠡᠬᠢ ᠮᠤᠩᠭᠤᠯ ᠠᠷᠠᠳ ᠤᠨ ᠨᠠᠮ ᠤᠨ ᠪᠦᠯᠦᠭ ᠦᠨ ᠳᠠᠷᠤᠭ᠎ᠠ ᠳ∙ᠲᠣᠭᠲᠠᠬᠤᠰᠦ᠋ᠷᠦᠩ ᠡᠴᠡ ᠲᠣᠳᠣᠷᠠᠭᠤᠯᠤᠯ᠎ᠠ᠃
– ᠢᠷᠡᠬᠦ ᠣᠨ ᠤ ᠲᠥᠰᠥᠪ ᠲᠦ ᠶᠡᠷᠦᠩᠬᠡᠶᠢᠯᠡᠭᠴᠢ ᠶᠢᠨ ᠲᠠᠯᠪᠢᠭᠰᠠᠨ ᠬᠣᠷᠢᠭ ᠤᠨ ᠲᠠᠯ᠎ᠠ ᠪᠠᠷ ᠲᠠ ᠶᠠᠮᠠᠷ ᠪᠠᠶᠢᠷᠢ ᠰᠠᠭᠤᠷᠢ ᠲᠠᠢ ᠪᠠᠶᠢᠨ᠎ᠠ ᠪᠤᠢ︖
– ᠡᠨᠡ ᠠᠰᠠᠭᠤᠳᠠᠯ ᠢ ᠢᠷᠡᠬᠦ ᠳᠣᠯᠣᠭ᠎ᠠ ᠬᠣᠨᠣᠭ ᠲᠤ ᠤᠯᠤᠰ ᠤᠨ ᠶᠡᠬᠡ ᠬᠤᠷᠠᠯ ᠪᠠᠷ ᠬᠡᠯᠡᠯᠴᠡᠬᠦ ᠪᠠᠶᠢᠬᠤ᠃ ᠬᠣᠷᠢᠭ ᠭᠤᠷᠪᠠᠨ ᠦᠨᠳᠦᠰᠦᠯᠡᠯ ᠲᠡᠢ ᠪᠠᠶᠢᠭᠰᠠᠨ᠃ ᠨᠢᠭᠡᠳᠦᠭᠡᠷ ᠲᠦ᠂ ᠳᠠᠷᠠᠭ᠎ᠠ ᠳᠠᠷᠠᠭ᠎ᠠ ᠶᠢᠨ ᠵᠢᠯ ᠦᠳ ᠲᠦ ᠲᠥᠰᠥᠪ ᠲᠦ ᠠᠴᠢᠶᠠᠯᠠᠯ ᠡᠭᠦᠰᠭᠡᠬᠦ ᠬᠥᠷᠥᠩᠭᠡ ᠣᠷᠣᠭᠤᠯᠤᠯᠲᠠ ᠣᠯᠠᠨ ᠲᠤᠰᠬᠠᠭᠳᠠᠭᠰᠠᠨ ᠪᠠᠶᠢᠨ᠎ᠠ᠃ ᠬᠣᠶᠠᠳᠤᠭᠠᠷ ᠲᠤ᠂ ᠨᠡᠶᠢᠭᠡᠮ ᠤᠨ ᠳᠠᠭᠠᠳᠬᠠᠯ ᠤᠨ ᠰᠢᠮᠡᠳᠬᠡᠯ ᠦᠨ ᠬᠡᠮᠵᠢᠶ᠎ᠡ ᠬᠣᠶᠠᠷ ᠬᠤᠪᠢ ᠪᠠᠷ ᠨᠡᠮᠡᠭᠳᠡᠵᠦ ᠪᠠᠶᠢᠭ᠎ᠠ᠃ ᠡᠭᠦᠨ ᠲᠡᠢ ᠬᠣᠯᠪᠣᠭ᠎ᠠ ᠲᠠᠢ ᠠᠰᠠᠭᠤᠳᠠᠯ ᠳᠤ ᠬᠣᠷᠢᠭ ᠲᠠᠯᠪᠢᠭᠰᠠᠨ᠃ ᠭᠤᠷᠪᠠᠳᠤᠭᠠᠷ ᠲᠤ᠂ ᠢᠷᠡᠭᠡᠳᠦᠢ ᠶᠢᠨ ᠥᠪ ᠰᠠᠩ ᠤᠨ ᠲᠤᠬᠠᠢ ᠬᠠᠤᠯᠢ ᠳᠤ ᠣᠷᠣᠭᠤᠯᠤᠭᠰᠠᠨ ᠦᠭᠡᠷᠡᠴᠢᠯᠡᠯᠲᠡ ᠳᠦ ᠃
ᠬᠤᠪᠢ ᠬᠦᠮᠦᠨ ᠦ ᠪᠠᠶᠢᠷᠢ ᠰᠠᠭᠤᠷᠢᠨ ᠠᠴᠠ ᠬᠡᠯᠡᠬᠦ ᠳᠦ᠂ ᠶᠡᠷᠦᠩᠬᠡᠶᠢᠯᠡᠭᠴᠢ ᠶᠢᠨ ᠬᠣᠷᠢᠭ ᠢ ᠬᠦᠯᠢᠶᠡᠵᠦ ᠠᠪᠬᠤ ᠳᠤ ᠬᠦᠨᠳᠦᠷᠡᠯᠲᠡᠢ ᠪᠠᠶᠢᠭ᠎ᠠ᠃ ᠶᠠᠭᠠᠬᠢᠭᠠᠳ ᠭᠡᠪᠡᠯ ᠪᠦᠬᠦ ᠠᠶᠢᠮᠠᠭ᠂ ᠰᠤᠮᠤᠳ ᠤᠨ ᠢᠷᠭᠡᠳ ᠦᠨ ᠬᠤᠷᠠᠯ ᠬᠤᠷᠠᠯᠳᠤᠭᠠᠳ ᠳᠠᠭᠤᠰᠴᠦ ᠪᠠᠶᠢᠭ᠎ᠠ᠃ ᠠᠷᠪᠠᠨ ᠬᠣᠶᠠᠳᠤᠭᠠᠷ ᠰᠠᠷ᠎ᠠ ᠶᠢᠨ 5 ᠤ ᠳᠣᠲᠣᠷ᠎ᠠ ᠠᠶᠢᠮᠠᠭ᠂ ᠨᠡᠶᠢᠰᠯᠡᠯ ᠦᠨ ᠢᠷᠭᠡᠳ  ᠦᠨ ᠲᠥᠯᠥᠭᠡᠯᠡᠭᠴᠢᠳ ᠦᠨ ᠬᠤᠷᠠᠯ ᠬᠤᠷᠠᠯᠳᠤᠭᠠᠳ᠂ ᠲᠥᠰᠥᠪ ᠢᠶᠡᠨ ᠪᠠᠲᠤᠯᠠᠴᠢᠬᠠᠭᠰᠠᠨ᠃ ᠰᠤᠮᠤᠳ ᠤᠨ ᠬᠢ ᠲᠤᠬᠠᠢ ᠶᠢᠨ ᠰᠠᠷ᠎ᠠ ᠶᠢᠨ 20 ᠍ ᠤ ᠳᠣᠲᠣᠷ᠎ᠠ ᠬᠤᠷᠠᠯᠳᠤᠨ᠎ᠠ ᠭᠡᠰᠡᠨ ᠬᠠᠤᠯᠢ ᠲᠠᠢ᠃ ᠬᠡᠷᠪᠡ ᠬᠣᠷᠢᠭ ᠢ ᠬᠦᠯᠢᠶᠡᠭᠡᠳ ᠠᠪᠴᠢᠬᠠᠪᠠᠯ ᠲᠥᠰᠥᠪ ᠢ ᠳᠠᠬᠢᠨ ᠵᠠᠳᠠᠯᠬᠤ ᠬᠦᠨᠳᠦᠷᠡᠯ ᠤᠴᠠᠷᠠᠨ᠎ᠠ᠃

ᠰᠡᠳᠬᠢᠭᠳᠡᠯ ᠦᠯᠡᠳᠡᠭᠡᠬᠦ