ᠽᠦ᠋ᠩᠺᠠᠸ᠎ᠠ ᠶᠢᠨ ᠨᠢᠷᠸᠠᠨ ᠳᠦᠷᠢ ᠦᠵᠡᠭᠦᠯᠦᠭᠰᠡᠨ ᠡᠳᠦᠷ ᠨᠣᠮ ᠬᠤᠷᠠᠨ᠎ᠠ  | News.MN

ᠽᠦ᠋ᠩᠺᠠᠸ᠎ᠠ ᠶᠢᠨ ᠨᠢᠷᠸᠠᠨ ᠳᠦᠷᠢ ᠦᠵᠡᠭᠦᠯᠦᠭᠰᠡᠨ ᠡᠳᠦᠷ ᠨᠣᠮ ᠬᠤᠷᠠᠨ᠎ᠠ 

ᠢᠵᠠᠭᠤᠷ ᠤᠨ ᠭᠤᠷᠪᠠᠨ ᠪᠤᠷᠬᠠᠳ ᠤᠨ ᠬᠤᠪᠢᠯᠭᠠᠨ᠂ ᠬᠣᠶᠠᠳᠤᠭᠠᠷ ᠢᠯᠠᠭᠤᠭᠰᠠᠨ ᠪᠣᠭᠳᠠ ᠽᠦ᠋ᠩᠺᠠᠸ᠎ᠠ ᠶᠢᠨ ᠨᠢᠷᠸᠠᠨ ᠳᠦᠷᠢ ᠦᠵᠡᠭᠦᠯᠦᠭᠰᠡᠨ ᠦ 600 ᠵᠢᠯ ᠦᠨ ᠣᠢ ᠶᠢ ᠲᠡᠮᠳᠡᠭᠯᠡᠨ ᠥᠩᠭᠡᠷᠡᠭᠦᠯᠬᠦ ᠲᠠᠯ᠎ᠠ ᠪᠠᠷ  ᠭᠠᠨᠳᠠᠨᠳᠡᠭᠴᠢᠯᠡᠨ ᠬᠡᠶᠢᠳ ᠦᠨ ᠣᠯᠠᠨ ᠨᠡᠶᠢᠲᠡ ᠲᠡᠢ ᠬᠠᠷᠢᠯᠴᠠᠬᠤ ᠠᠯᠪᠠᠨ ᠤ ᠳᠠᠷᠤᠭ᠎ᠠ ᠵ∙ᠤᠳᠤᠭᠠᠷᠤᠳᠢ ᠥᠨᠥᠳᠥᠷ ︵2019.12.05︶ ᠰᠡᠳᠬᠦᠯᠴᠢᠳ ᠲᠦ ᠮᠡᠳᠡᠭᠡᠯᠡᠯ ᠬᠢᠯ᠎ᠡ᠃
ᠬᠣᠶᠠᠳᠤᠭᠠᠷ ᠢᠯᠠᠭᠤᠭᠰᠠᠨ ᠬᠡᠮᠡᠨ ᠠᠯᠳᠠᠷᠰᠢᠭᠰᠠᠨ ᠪᠣᠭᠳᠠ ᠽᠦ᠋ᠩᠺᠠᠸ᠎ᠠ ᠶᠢᠨ ᠨᠢᠷᠸᠠᠨ ᠳᠦᠷᠢ ᠦᠵᠡᠭᠦᠯᠦᠭᠰᠡᠨ ᠦ 600 ᠵᠢᠯ ᠦᠨ ᠣᠢ ᠶᠢ ᠡᠨᠡ ᠵᠢᠯ ᠳᠡᠯᠡᠬᠡᠢ ᠨᠡᠶᠢᠲᠡ ᠪᠡᠷ ᠲᠡᠮᠳᠡᠭᠯᠡᠨ ᠥᠩᠭᠡᠷᠡᠭᠦᠯᠵᠦ ᠪᠤᠢ ᠶᠤᠮ ᠪᠠᠶᠢᠨ᠎ᠠ᠃ ᠳᠡᠭᠡᠷᠡᠬᠢ ᠠᠷᠭ᠎ᠠ ᠬᠡᠮᠵᠢᠶᠡᠨ ᠦ ᠬᠦᠷᠢᠶᠡᠨ ᠳᠦ ᠭᠠᠨᠳᠠᠨᠳᠡᠭᠴᠢᠯᠡᠨ ᠬᠡᠶᠢᠳ᠂ ᠡᠷᠳᠡᠮ ᠰᠤᠶᠤᠯ ᠤᠨ ᠬᠦᠷᠢᠶᠡᠯᠡᠩ᠂ ᠬᠦᠷᠢᠶ᠎ᠡ ᠬᠡᠶᠢᠳ ᠦᠳ᠂ ᠲᠡᠷᠢᠭᠦᠨ ᠯᠠᠮᠠ ᠨᠠᠷ ᠤᠨ ᠵᠥᠪᠯᠡᠯ ᠬᠠᠮᠲᠤᠷᠠᠨ ᠪᠣᠭᠳᠠ ᠽᠦ᠋ᠩᠺᠠᠸ᠎ᠠ ᠶᠢᠨ 600 ᠵᠢᠯ ᠦᠨ ᠣᠢ ᠶᠢ ᠲᠡᠮᠳᠡᠭᠯᠡᠨ ᠥᠩᠭᠡᠷᠡᠭᠦᠯᠬᠦ ᠶᠣᠰᠣᠯᠠᠯ ᠤᠨ ᠠᠵᠢᠯᠯᠠᠭ᠎ᠠ ᠶᠢ ᠡᠨᠡ ᠰᠠᠷ᠎ᠠ ᠶᠢᠨ 7᠂8 ᠍ ᠤ ᠡᠳᠦᠷ ᠦᠳ ᠲᠦ ᠵᠣᠬᠢᠶᠠᠨ ᠪᠠᠶᠢᠭᠤᠯᠬᠤ ᠪᠠᠷ ᠲᠥᠯᠥᠪᠯᠡᠵᠡᠢ᠃ ᠲᠤᠬᠠᠶᠢᠯᠠᠪᠠᠯ᠂ ᠠᠷᠪᠠᠨ ᠬᠣᠶᠠᠳᠤᠭᠠᠷ ᠰᠠᠷ᠎ᠠ ᠶᠢᠨ 7 ᠍ ᠳᠦ ᠲᠡᠷᠢᠭᠦᠨ ᠶᠡᠬᠡ ᠬᠠᠮᠪᠤ ᠯᠠᠮᠠ ᠨᠡᠶᠢᠲᠡ ᠮᠣᠩᠭᠣᠯᠴᠤᠳ ᠲᠤ ᠠᠪᠤᠷᠠᠯ ᠣᠳᠣ ᠪᠣᠯᠬᠤ ᠶᠢᠨ ᠬᠥᠲᠥᠯᠪᠦᠷᠢ᠂ ᠪᠤᠷᠬᠠᠨ ᠤ ᠱᠠᠰᠢᠨ ᠲᠠᠢ ᠬᠦᠮᠦᠨ ᠪᠠᠶᠢᠬᠤ ᠪᠣᠯᠤᠨ ᠪᠣᠭᠳᠠ ᠯᠠᠮᠠ ᠶᠢᠨ ᠨᠠᠮᠲᠠᠷ ᠢ ᠪᠦᠲᠦᠨ ᠡᠳᠦᠷ ᠦᠨ ᠲᠤᠷᠰᠢ ᠲᠠᠶᠢᠯᠪᠤᠷᠢᠯᠠᠨ ᠲᠠᠨᠢᠭᠤᠯᠵᠤ᠂ ᠮᠡᠭᠵᠡᠮ ᠦᠨ ᠯᠦᠩ ᠬᠦᠷᠲᠡᠭᠡᠨ᠎ᠡ᠃
ᠲᠤᠰ ᠡᠳᠦᠷ ᠦᠨ 17᠄00 ᠴᠠᠭ ᠠᠴᠠ ᠡᠬᠢᠯᠡᠨ ᠯᠠᠮᠠ᠂ ᠬᠤᠸᠠᠷᠠᠭ ᠤᠳ ᠨᠡᠶᠢᠲᠡ ᠮᠣᠩᠭᠣᠯᠴᠤᠳ ᠤᠨ ᠰᠠᠶᠢᠨ ᠰᠠᠶᠢᠬᠠᠨ ᠤ ᠲᠥᠯᠥᠭᠡ ᠪᠣᠯᠤᠨ ᠳᠠᠶᠠᠩ ᠳᠡᠯᠡᠬᠡᠢ ᠶᠢᠨ ᠡᠩᠬᠡ ᠠᠮᠤᠭᠤᠯᠠᠩ ᠤᠨ ᠲᠥᠯᠥᠭᠡ ᠪᠦᠬᠦᠯᠢ ᠰᠥᠨᠢᠵᠢᠨ ᠨᠣᠮ ᠬᠤᠷᠠᠨ᠎ᠠ᠃ ᠠᠷᠪᠠᠨ ᠬᠣᠶᠠᠳᠤᠭᠠᠷ ᠰᠠᠷ᠎ᠠ ᠶᠢᠨ 8 ᠍ ᠳᠦ 09᠄00 ᠴᠠᠭ ᠲᠤ ᠬᠣᠶᠠᠳᠤᠭᠠᠷ ᠢᠯᠠᠭᠤᠭᠰᠠᠨ ᠪᠣᠭᠳᠠ ᠽᠦ᠋ᠩᠺᠠᠸ᠎ᠠ ᠶᠢᠨ ᠨᠢᠷᠸᠠᠨ ᠳᠦᠷᠢ ᠦᠵᠡᠭᠦᠯᠦᠭᠰᠡᠨ ᠦ 600 ᠵᠢᠯ ᠦᠨ ᠣᠢ ᠶᠢᠨ ᠨᠡᠭᠡᠭᠡᠯᠲᠡ ᠶᠢᠨ ᠶᠣᠰᠣᠯᠠᠯ  ᠪᠠᠲᠤᠴᠠᠭᠠᠨ ᠳᠤᠭᠠᠩ ᠳᠤ ᠡᠬᠢᠯᠡᠨ᠎ᠡ᠃ ᠡᠨᠡ ᠦᠶ᠎ᠡ ᠪᠡᠷ ᠣᠶᠤᠲᠠᠨ ᠵᠠᠯᠠᠭᠤᠰ ᠤᠨ ᠳᠤᠮᠳᠠ ᠵᠠᠷᠯᠠᠭᠰᠠᠨ ︽ᠪᠤᠷᠬᠠᠨ ᠤ ᠱᠠᠰᠢᠨ ᠪᠠ ᠮᠣᠩᠭᠣᠯᠴᠤᠳ》ᠰᠡᠳᠦᠪᠲᠦ ᠡᠰᠰᠸ ᠪᠢᠴᠢᠯᠭᠡ ᠶᠢᠨ ᠤᠷᠤᠯᠳᠤᠭᠠᠨ ᠤ ᠱᠠᠩᠨᠠᠯ ᠢ ᠭᠠᠷᠳᠠᠭᠤᠯᠬᠤ  ᠶᠤᠮ ᠪᠠᠶᠢᠨ᠎ᠠ᠃

ᠰᠡᠳᠬᠢᠭᠳᠡᠯ ᠦᠯᠡᠳᠡᠭᠡᠬᠦ