ᠴᠠᠭᠠᠨ ᠣᠪᠣᠭ᠎ᠠ  ᠠᠴᠠ 60 000 ᠤᠨᠼ ᠠᠯᠲᠠ ᠣᠯᠪᠤᠷᠢᠯᠠᠨ᠎ᠠ  | News.MN

ᠴᠠᠭᠠᠨ ᠣᠪᠣᠭ᠎ᠠ  ᠠᠴᠠ 60 000 ᠤᠨᠼ ᠠᠯᠲᠠ ᠣᠯᠪᠤᠷᠢᠯᠠᠨ᠎ᠠ 

ᠲᠤᠷᠤᠨᠲ᠋ᠤ᠋ ᠶᠢᠨ ᠬᠥᠷᠥᠩᠭᠡ ᠶᠢᠨ ᠪᠢᠷᠵᠢ ᠳᠦ ᠪᠦᠷᠢᠳᠬᠡᠯ ᠲᠡᠢ Steppe Gold ᠺᠣᠮᠫᠠᠨᠢ ᠴᠠᠭᠠᠨ ᠣᠪᠣᠭ᠎ᠠ ᠠᠯᠲᠠᠨ ᠤ ᠠᠭᠤᠷᠬᠠᠢ ᠶᠢᠨ ᠦᠢᠯᠡ ᠠᠵᠢᠯᠯᠠᠭ᠎ᠠ ᠶᠢ ᠡᠷᠬᠢᠯᠡᠬᠦ ᠳᠦ ᠱᠠᠭᠠᠷᠳᠠᠯᠭ᠎ᠠ ᠲᠠᠢ ᠪᠦᠬᠦ  ᠵᠦᠪᠰᠢᠶᠡᠷᠡᠯ ᠢᠶᠡᠨ ᠠᠪᠴᠤ᠂ ᠠᠯᠲᠠᠨ ᠤ ᠣᠯᠪᠤᠷᠢᠯᠠᠯᠲᠠ ᠡᠬᠢᠯᠡᠭᠦᠯᠦᠭᠰᠡᠨ ᠢᠶᠡᠨ ᠮᠡᠳᠡᠭᠳᠡᠯ᠎ᠡ᠃ ᠣᠳᠣ ᠪᠠᠷ ᠨᠢᠭᠡ ᠲᠣᠨ ᠲᠤᠲᠤᠮ ᠳᠤ ᠪᠠᠨ 2.13 ᠭᠷᠠᠮ ᠠᠯᠲᠠᠨ ᠤ ᠳᠤᠮᠳᠠᠴᠢ ᠠᠭᠤᠯᠤᠮᠵᠢ ᠲᠠᠢ 300 ᠮᠢᠩᠭᠠᠨ ᠲᠣᠨ ᠬᠦᠳᠡᠷ ᠪᠣᠯᠪᠠᠰᠤᠷᠠᠭᠤᠯᠬᠤ ᠪᠠᠷ ᠠᠵᠢᠯᠯᠠᠵᠤ ᠪᠠᠶᠢᠭ᠎ᠠ ᠠᠵᠠᠢ᠃ ᠬᠠᠷᠢᠨ 2020 ᠣᠨ ᠳᠤ ᠨᠡᠶᠢᠲᠡ 60 000 ᠤᠨᠼ ᠠᠯᠲᠠ ᠣᠯᠪᠤᠷᠢᠯᠠᠬᠤ ᠪᠠᠷ ᠲᠥᠯᠥᠪᠯᠡᠭᠰᠡᠨ ᠪᠠᠶᠢᠨ᠎ᠠ᠃ ᠡᠨᠡ ᠨᠢ ᠣᠶᠢᠷᠠᠯᠴᠠᠭ᠎ᠠ ᠪᠠᠷ 1900 ᠣᠷᠴᠢᠮ ᠺᠢᠯᠦᠭᠷᠡᠮ ᠠᠯᠲᠠ ᠶᠤᠮ᠃
ᠳᠣᠷᠣᠨᠠᠲᠤ ᠠᠶᠢᠮᠠᠭ ᠤᠨ ᠴᠠᠭᠠᠨ ᠣᠪᠣᠭ᠎ᠠ ᠰᠤᠮᠤ ᠶᠢᠨ ᠨᠤᠲᠤᠭ ᠲᠤ ᠤᠷᠤᠰᠢᠬᠤ ᠠᠯᠲᠠᠨ ᠴᠠᠭᠠᠨ ᠣᠪᠣᠭ᠎ᠠ ᠲᠥᠰᠥᠯ ᠦᠨ ᠬᠣᠶᠠᠳᠤᠭᠠᠷ ᠱᠠᠲᠤᠨ ᠤ ᠥᠷᠭᠡᠳᠬᠡᠯ ᠦᠨ ᠲᠥᠰᠥᠯ ᠦᠨ ᠲᠧᠭᠨᠢᠭ ᠡᠳ᠋ ᠦᠨ ᠵᠠᠰᠠᠭ ᠤᠨ ᠦᠨᠳᠦᠰᠦᠯᠡᠯ᠍ ᠢ ᠪᠣᠯᠪᠠᠰᠤᠷᠠᠭᠤᠯᠵᠤ ᠳᠠᠭᠤᠰᠴᠦ ᠪᠠᠶᠢᠭ᠎ᠠ ᠠᠵᠠᠢ᠃

ᠰᠡᠳᠬᠢᠭᠳᠡᠯ ᠦᠯᠡᠳᠡᠭᠡᠬᠦ