ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠰᠢᠶᠠᠮᠸᠨ ᠬᠤᠲᠠ ᠳᠤ ᠥᠩᠭᠡᠷᠡᠭᠰᠡᠨ ᠰᠠᠷ᠎ᠠ ᠶᠢᠨ 29 ᠡᠴᠡ ᠡᠨᠡ ᠰᠠᠷ᠎ᠠ ᠶᠢᠨ 1 ᠳᠦ ᠪᠣᠯᠤᠭᠰᠠᠨ ᠳᠡᠯᠡᠬᠡᠢ ᠶᠢᠨ ᠰᠫᠣᠷᠲ ᠥᠷᠥᠯᠲᠡ ᠶᠢᠨ ᠬᠣᠯᠪᠣᠭᠠᠨ ᠤ ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠦ 12 ᠣᠷᠣᠨ ᠤ 415 ᠲᠠᠮᠢᠷᠴᠢᠨ ᠥᠷᠢᠰᠦᠯᠳᠦᠵᠦ᠂ ᠰᠢᠯᠢᠳᠡᠭ ᠦᠳ ᠢᠶᠡᠨ ᠲᠣᠳᠣᠷᠠᠭᠤᠯᠵᠠᠢ᠃
ᠲᠤᠰ ᠲᠡᠮᠡᠴᠡᠭᠡᠨ ᠳᠦ ᠡᠬᠡ ᠣᠷᠣᠨ ᠢᠶᠠᠨ ᠲᠥᠯᠥᠭᠡᠯᠡᠨ ᠣᠷᠣᠯᠴᠠᠭᠰᠠᠨ ᠤᠯᠤᠰ ᠤᠨ ᠠᠪᠤᠷᠭᠤ ︵25-34 ᠨᠠᠰᠤ︶ ᠡ᠊∙ᠡᠷᠳᠡᠨᠢᠮᠠᠨᠳᠤᠬᠤ᠂ 2018 ᠣᠨ ᠤ ᠤᠯᠠᠷᠢᠯ ᠤᠨ ᠠᠪᠤᠷᠭᠤ ᠶᠢᠨ ᠰᠢᠯᠢᠳᠡᠭ ᠡᠷᠡᠭᠲᠡᠢ ᠲᠠᠮᠢᠷᠴᠢᠨ ᠪ∙ᠰᠠᠶᠢᠨᠵᠢᠷᠭᠠᠯ ᠨᠠᠷ ᠳᠠᠰᠬᠠᠯᠵᠢᠭᠤᠯᠤᠭᠴᠢ ᠡ᠊∙ᠳᠠᠸᠠᠵᠢᠷᠭᠠᠯ ᠤᠨ ᠤᠳᠤᠷᠢᠳᠤᠯᠭ᠎ᠠ ᠳᠣᠣᠷ᠎ᠠ ᠣᠷᠣᠯᠴᠠᠭᠰᠠᠨ ᠪᠠᠶᠢᠨ᠎ᠠ᠃ ᠮᠠᠨ ᠤ ᠲᠠᠮᠢᠷᠴᠢᠳ 3~6~3 ᠥᠷᠥᠯᠲᠡ ᠶᠢᠨ ᠮᠣᠩᠭᠣᠯ ᠤᠯᠤᠰ ᠤᠨ ᠷᠧᠺᠣᠷᠳ᠋ ᠍ ᠢ ᠰᠢᠨᠡᠴᠢᠯᠡᠭᠰᠡᠨ ᠪᠥᠭᠡᠳ ᠲᠡᠮᠡᠴᠡᠭᠡᠨ ᠦ 3-3-3 ᠪᠣᠯᠤᠨ ᠼᠢᠺᠯ ᠥᠷᠥᠯᠲᠡ ᠶᠢᠨ ᠲᠥᠷᠥᠯ ᠳᠦ ᠱᠠᠩᠨᠠᠯᠲᠤ ᠪᠠᠶᠢᠷᠢ ᠳᠤ ᠰᠢᠯᠭᠠᠷᠠᠵᠠᠢ᠃