ᠴᠢᠯᠦᠭᠡᠲᠦ ᠪᠥᠬᠡ ᠳᠤ ᠮᠣᠩᠭᠣᠯ ᠥᠬᠢᠨ ᠲᠦᠷᠦᠭᠦᠯᠡᠯ᠎ᠡ  | News.MN

ᠴᠢᠯᠦᠭᠡᠲᠦ ᠪᠥᠬᠡ ᠳᠤ ᠮᠣᠩᠭᠣᠯ ᠥᠬᠢᠨ ᠲᠦᠷᠦᠭᠦᠯᠡᠯ᠎ᠡ 

ᠴᠢᠯᠦᠭᠡᠲᠦ ᠪᠥᠬᠡ ᠶᠢᠨ ᠪᠦᠬᠦ ᠶᠠᠫᠣᠨ ᠤ ᠥᠰᠪᠦᠷᠢ ᠦᠶ᠎ᠡ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠥᠩᠭᠡᠷᠡᠭᠴᠢ ᠠᠮᠠᠷᠠᠯᠲᠠ ᠶᠢᠨ ᠡᠳᠦᠷ ︵11.23-24︶ ᠤᠳ ᠢᠶᠡᠷ ᠪᠣᠯᠵᠤ᠂ ᠶᠠᠫᠣᠨ ᠤᠯᠤᠰ ᠤᠨ 181 ᠰᠤᠷᠭᠠᠭᠤᠯᠢ ᠪᠣᠯᠤᠨ ᠺᠯᠦ᠋ᠪ ᠤᠨ 611 ᠲᠠᠮᠢᠷᠴᠢᠨ ᠥᠷᠢᠰᠦᠯᠳᠦᠭᠰᠡᠨ ᠡᠴᠡ -58 ᠺᠢᠯᠦᠭᠷᠡᠮ ᠳᠦ ᠥᠰᠪᠦᠷᠢ ᠦᠶ᠎ᠡ ᠶᠢᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ ᠠᠪᠤᠷᠭᠤ᠂ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ᠂ ᠠᠽᠢᠶ᠎ᠠ ᠶᠢᠨ ᠠᠪᠤᠷᠭᠤ ᠳᠤ ᠣᠷᠣᠯᠴᠠᠵᠤ ᠪᠠᠶᠢᠭᠰᠠᠨ ᠲᠤᠷᠰᠢᠯᠭ᠎ᠠ ᠲᠠᠢ᠂ ᠡᠳᠦᠭᠡ ᠶᠠᠫᠣᠨ ᠤᠯᠤᠰ ᠤᠨ ᠢᠴᠢᠱᠢ ᠺᠯᠦ᠋ᠪ ᠲᠤ ᠬᠢᠴᠢᠶᠡᠯᠯᠡᠵᠦ ᠪᠤᠢ 15 ᠨᠠᠰᠤᠲᠠᠢ ᠮᠣᠩᠭᠣᠯ ᠥᠬᠢᠨ ᠪ᠂ ᠬᠤᠯᠠᠨ ᠲᠠᠪᠤ ᠢᠯᠠᠵᠤ ᠂ ᠪᠦᠬᠦ ᠶᠠᠫᠣᠨ ᠤ ᠠᠪᠤᠷᠭᠤ ᠪᠣᠯᠤᠯ᠎ᠠ᠃ ᠢᠩᠭᠢᠭᠰᠡᠨ ᠢᠶᠡᠷ ᠲᠡᠷᠡᠪᠡᠷ ᠪᠦᠬᠦ ᠶᠠᠫᠣᠨ ᠤ ᠠᠪᠤᠷᠭᠤ ᠳᠤ ᠬᠣᠶᠠᠷ ᠵᠢᠯ ᠳᠠᠷᠠᠭᠠᠯᠠᠨ ᠲᠦᠷᠦᠭᠦᠯᠡᠯ᠎ᠡ᠃ ᠮᠥᠨ ᠲᠡᠭᠦᠨ ᠦ ᠲᠦᠷᠦᠭᠰᠡᠨ ᠳᠡᠭᠦᠦ ᠪ ᠂ ᠬᠠᠯᠢᠭᠤᠨ ᠨᠢ ᠡᠨᠡᠬᠦ ᠲᠡᠮᠡᠴᠡᠭᠡᠨ ᠦ -54 ᠺᠢᠯᠦᠭᠷᠡᠮ ᠳᠦ ᠰᠢᠯᠢᠳᠡᠭ ᠨᠠᠢᠮᠠ ᠳᠤ ᠰᠢᠯᠭᠠᠷᠠᠵᠠᠢ᠃
ᠲᠡᠭᠦᠨ ᠦ ᠬᠢᠴᠢᠶᠡᠯᠯᠡᠵᠦ ᠪᠤᠢ ᠢᠴᠢᠱᠢ ᠺᠯᠦ᠋ᠪ ᠨᠢ ᠣᠯᠢᠮᠫ ᠤᠨ ᠭᠤᠷᠪᠠ᠂ ᠳᠡᠯᠡᠬᠡᠢ ᠶᠢᠨ 13 ᠤᠳᠠᠭ᠎ᠠ ᠶᠢᠨ ᠠᠪᠤᠷᠭᠤ ᠰᠠᠤᠷᠢ ᠶᠤᠱᠢᠳᠠ ᠶᠢᠨ ᠲᠦᠷᠦᠭᠰᠡᠨ ᠠᠬ᠎ᠠ ᠶᠢᠨ ᠤᠳᠤᠷᠢᠳᠤᠯᠭᠠᠨ ᠳᠣᠣᠷ᠎ᠠ ᠪᠠᠶᠢᠳᠠᠭ  ᠠᠵᠠᠢ ᠃

ᠰᠡᠳᠬᠢᠭᠳᠡᠯ ᠦᠯᠡᠳᠡᠭᠡᠬᠦ