ᠼ∙ᠳᠡᠩᠰᠡᠮ᠎ᠠ ᠶᠠᠫᠣᠨ ᠤ ᠺᠢᠨᠣ᠋ ᠨᠠᠭᠠᠳᠤᠮ ᠠᠴᠠ ᠱᠠᠩᠨᠠᠯ ᠬᠦᠷᠲᠡᠯ᠎ᠡ  | News.MN

ᠼ∙ᠳᠡᠩᠰᠡᠮ᠎ᠠ ᠶᠠᠫᠣᠨ ᠤ ᠺᠢᠨᠣ᠋ ᠨᠠᠭᠠᠳᠤᠮ ᠠᠴᠠ ᠱᠠᠩᠨᠠᠯ ᠬᠦᠷᠲᠡᠯ᠎ᠡ 

ᠶᠠᠫᠤᠨ ᠤ ᠲᠤᠤᠺᠢᠤ᠋ ᠬᠤᠲᠠ ᠳᠤ ᠵᠢᠯ ᠪᠤᠯᠭᠠᠨ ᠵᠣᠬᠢᠶᠠᠨ ᠪᠠᠶᠢᠭᠤᠯᠳᠠᠭ ︽ᠴᠦᠷᠦᠺᠠᠸᠠ︾ ᠪᠣᠭᠣᠨᠢ ᠬᠡᠮᠵᠢᠶᠡᠨ ᠦ ᠺᠢᠨᠣ᠋ ᠨᠠᠭᠠᠳᠤᠮ ᠳᠤ ᠮᠣᠩᠭᠣᠯ ᠤᠨ ᠵᠠᠯᠠᠭᠤ ᠤᠷᠠᠨ ᠪᠦᠲᠦᠭᠡᠯᠴᠢ᠂ ᠨᠠᠶᠢᠷᠠᠭᠤᠯᠤᠭᠴᠢ ᠼ∙ᠳᠡᠩᠰᠡᠮ᠎ᠠ ᠶᠢᠨ  ︽ᠠᠷᠭᠠᠯ︾ ᠺᠢᠨᠣ᠋ ᠰᠢᠯᠭᠠᠷᠠᠵᠤ᠂ ᠲᠤᠰᠬᠠᠢ ᠱᠠᠩᠨᠠᠯ ᠬᠦᠷᠲᠡᠵᠡᠢ᠃ ᠲᠣᠳᠣᠷᠠᠭᠤᠯᠪᠠᠯ᠂ ᠤᠭ ᠪᠣᠭᠣᠨᠢ ᠬᠡᠮᠵᠢᠶᠡᠨ ᠦ ᠺᠢᠨᠣᠨ ᠤ ᠤᠷᠤᠯᠳᠤᠭᠠᠨ ᠳᠤ ᠡᠨᠡ ᠵᠢᠯ ᠨᠡᠶᠢᠲᠡ 92 ᠪᠦᠲᠦᠭᠡᠯ ᠢᠷᠡᠭᠰᠡᠨ ᠡᠴᠡ 24 ᠪᠦᠲᠦᠭᠡᠯ ᠢ ᠰᠢᠯᠢᠳᠡᠭ ᠢᠶᠡᠷ ᠰᠣᠩᠭᠣᠭᠰᠠᠨ ᠪᠠᠶᠢᠨ᠎ᠠ᠃ ᠰᠣᠩᠭᠣᠭᠰᠠᠨ ᠪᠦᠲᠦᠭᠡᠯ ᠦᠳ ᠢ ᠠᠷᠪᠠᠨ ᠨᠢᠭᠡᠳᠦᠭᠡᠷ ᠰᠠᠷ᠎ᠠ ᠶᠢᠨ 22 ᠍ ᠤ ᠪᠠᠰᠠᠩ ᠭᠠᠷᠠᠭ ᠲᠤ ᠣᠯᠠᠨ ᠤ ᠬᠦᠷᠲᠡᠭᠡᠯ ᠪᠣᠯᠭᠠᠵᠤ᠂ ᠱᠠᠩᠨᠠᠯ ᠭᠠᠷᠳᠠᠭᠤᠯᠬᠤ ᠶᠣᠰᠣᠯᠠᠯ ᠠᠷᠪᠠᠨ ᠨᠢᠭᠡᠳᠦᠭᠡᠷ ᠰᠠᠷ᠎ᠠ ᠶᠢᠨ 23 ᠍ ᠤ ᠪᠢᠮᠪᠠ ᠭᠠᠷᠠᠭ ᠲᠤ ᠪᠣᠯᠵᠤ ᠥᠨᠳᠥᠷᠯᠡᠵᠡᠢ᠃
ᠼ∙ᠳᠡᠩᠰᠡᠮ᠎ᠠ ᠶᠢᠨ ︽ᠠᠷᠭᠠᠯ︾ ᠺᠢᠨᠣ᠋ ᠨᠢ ᠳᠣᠯᠣᠭᠠᠨ ᠮᠢᠨᠦ᠋ᠲ ᠦᠷᠭᠦᠯᠵᠢᠯᠡᠬᠦ ᠪᠥᠭᠡᠳ ᠮᠣᠩᠭᠣᠯᠴᠤᠳ ᠤᠨ ᠥᠪᠡᠷᠮᠢᠴᠡ ᠠᠬᠤᠢ᠂ ᠵᠠᠩ ᠵᠠᠩᠰᠢᠯ ᠢ ᠬᠠᠷᠠᠭᠤᠯᠤᠭᠰᠠᠨ ᠢᠶᠠᠷ ᠢᠶᠠᠨ ᠣᠨᠴᠠᠯᠢᠭ ᠪᠦᠲᠦᠭᠡᠯ ᠪᠣᠯᠵᠠᠢ᠃ ᠼ∙ᠳᠡᠩᠰᠡᠮ᠎ᠠ ᠶᠢᠨ ᠨᠠᠶᠢᠷᠠᠭᠤᠯᠤᠭᠰᠠᠨ ︽ᠵᠠᠮ︾ ᠬᠡᠮᠡᠬᠦ ᠪᠣᠭᠣᠨᠢ ᠬᠡᠮᠵᠢᠶᠡᠨ ᠦ ᠪᠦᠲᠦᠭᠡᠯ ᠭᠤᠷᠪᠠᠨ ᠵᠢᠯ ᠦᠨ ᠡᠮᠦᠨ᠎ᠡ ᠶᠠᠫᠣᠨ ᠤ ᠺᠢᠤᠲ᠋ᠤ᠋ ᠬᠤᠲᠠ ᠳᠤ ᠪᠣᠯᠤᠭᠰᠠᠨ ᠣᠶᠤᠲᠠᠨ ᠤ ᠣᠯᠠᠨ ᠤᠯᠤᠰ ᠤᠨ ᠺᠢᠨᠣ᠋ ᠨᠠᠭᠠᠳᠤᠮ ᠳᠤ ᠣᠷᠣᠯᠴᠠᠵᠤ ᠰᠢᠯᠢᠳᠡᠭ 16 ᠺᠢᠨᠣᠨ ᠤ ᠨᠢᠭᠡ ᠪᠡᠷ ᠰᠢᠯᠭᠠᠷᠠᠵᠤ ᠪᠠᠶᠢᠭᠰᠠᠨ ᠶᠤᠮ ᠃

ᠰᠡᠳᠬᠢᠭᠳᠡᠯ ᠦᠯᠡᠳᠡᠭᠡᠬᠦ