︽ᠭᠤᠶᠤᠯᠠᠯ︾ ᠨᠠᠭᠠᠳᠤᠮ ᠤᠨ ᠵᠠᠭᠪᠤᠷ ᠤᠨ ᠳᠣᠯᠣᠭ᠎ᠠ ᠬᠣᠨᠣᠭ ᠡᠬᠢᠯᠡᠯ᠎ᠡ  | News.MN

 ︽ᠭᠤᠶᠤᠯᠠᠯ︾ ᠨᠠᠭᠠᠳᠤᠮ ᠤᠨ ᠵᠠᠭᠪᠤᠷ ᠤᠨ ᠳᠣᠯᠣᠭ᠎ᠠ ᠬᠣᠨᠣᠭ ᠡᠬᠢᠯᠡᠯ᠎ᠡ 

ᠮᠣᠩᠭᠣᠯ ᠤᠨ ᠵᠠᠭᠪᠤᠷ ᠵᠣᠬᠢᠶᠠᠨ ᠪᠦᠲᠦᠭᠡᠭᠴᠢᠳ ᠦᠨ ᠤᠷ᠎ᠠ ᠤᠬᠠᠭᠠᠨ᠂ ᠣᠶᠤᠨ ᠪᠢᠯᠢᠭ ᠰᠢᠩᠭᠡᠭᠰᠡᠨ ᠪᠦᠲᠦᠭᠡᠯ ᠦᠳ ᠢ ᠣᠯᠠᠨ ᠨᠡᠶᠢᠲᠡ ᠳᠦ ᠲᠠᠨᠢᠯᠴᠠᠭᠤᠯᠬᠤ᠂ ᠵᠠᠭᠪᠤᠷ ᠡᠮᠦᠰᠦᠭᠴᠢᠳ ᠢ ᠠᠯᠳᠠᠷᠰᠢᠭᠤᠯᠬᠤ ᠵᠣᠷᠢᠯᠭ᠎ᠠ ᠪᠦᠬᠦᠢ ︽ᠭᠤᠶᠤᠯᠠᠯ︾ ᠨᠠᠭᠠᠳᠤᠮ 32 ᠳᠠᠬᠢ ᠤᠳᠠᠭ᠎ᠠ ᠪᠠᠨ ᠵᠣᠬᠢᠶᠠᠨ ᠪᠠᠶᠢᠭᠤᠯᠤᠭᠳᠠᠬᠤ ᠭᠡᠵᠦ ᠪᠠᠶᠢᠨ᠎ᠠ᠃ ᠲᠤᠰ ᠨᠠᠭᠠᠳᠤᠮ ᠢ ᠤᠭᠲᠤᠵᠤ ᠵᠣᠬᠢᠶᠠᠨ ᠪᠠᠶᠢᠭᠤᠯᠳᠠᠭ ᠵᠠᠭᠪᠤᠷ ᠤᠨ ᠳᠣᠯᠣᠭ᠎ᠠ ᠬᠣᠨᠣᠭ ᠡᠬᠢᠯᠡᠭᠰᠡᠨ ᠪᠠ ᠰᠢᠯᠢᠳᠡᠭ ᠦᠨ ᠰᠢᠯᠢᠳᠡᠭ ᠦᠳ ᠢ ᠡᠨᠡ ᠰᠠᠷ᠎ᠠ ᠶᠢᠨ 30 ᠍ ᠳᠦ ᠰᠤᠶᠤᠯ ᠤᠨ ᠲᠥᠪ ᠥᠷᠭᠦᠭᠡᠨ ᠳᠦ ᠲᠣᠳᠣᠷᠠᠭᠤᠯᠬᠤ ᠶᠤᠮ᠃ ᠮᠣᠩᠭᠣᠯ ᠤᠨ ᠳ᠋ᠢᠽᠠᠶᠢᠨᠧᠷ ᠤᠳ ᠤᠨ ᠬᠣᠯᠪᠣᠭᠠᠨ ᠠᠴᠠ ᠵᠣᠬᠢᠶᠠᠨ ᠪᠠᠶᠢᠭᠤᠯᠳᠠᠭ ᠤᠭ ᠨᠠᠭᠠᠳᠤᠮ ᠢᠶᠠᠷ ᠣᠨ ᠤ ᠲᠣᠫ ᠮᠣᠳᠧᠯ᠂ ᠰᠢᠯᠢᠳᠡᠭ ᠵᠠᠭᠪᠤᠷ ᠵᠣᠬᠢᠶᠠᠨ ᠪᠦᠲᠦᠭᠡᠭᠴᠢ᠂ ᠦᠰᠦᠴᠢᠨ᠂ ᠨᠢᠭᠤᠷ ᠪᠤᠳᠤᠭᠴᠢᠳ ᠢ ᠰᠢᠯᠭᠠᠷᠠᠭᠤᠯᠳᠠᠭ ᠤᠯᠠᠮᠵᠢᠯᠠᠯ ᠲᠠᠢ᠃
︽ᠭᠤᠶᠤᠯᠠᠯ 2019︾ ᠨᠠᠭᠠᠳᠤᠮ ᠤᠨ ᠲᠣᠫ ᠮᠣᠳᠧᠯ ᠢᠶᠠᠷ ᠨ∙ᠰᠠᠷᠠᠨᠠᠢ᠂ 2018 ᠣᠨ ᠳᠤ ᠲ∙ ᠬᠠᠯᠢᠭᠤᠨ ᠰᠢᠯᠭᠠᠷᠠᠵᠤ ᠪᠠᠶᠢᠭᠰᠠᠨ ᠶᠤᠮ᠃ ᠲᠡᠭᠦᠨᠴᠢᠯᠡᠨ 2017 ᠣᠨ ᠳᠤ ᠠᠩᠬ᠎ᠠ ᠤᠳᠠᠭ᠎ᠠ ᠱᠠᠭᠠᠷᠳᠠᠯᠭ᠎ᠠ ᠬᠠᠩᠭᠠᠬᠤ ᠬᠦᠮᠦᠨ ᠪᠠᠶᠢᠬᠤ ᠦᠭᠡᠢ ᠭᠡᠰᠡᠨ ᠦᠨᠳᠦᠰᠦᠯᠡᠯ ᠢᠶᠡᠷ ᠲᠣᠫ ᠮᠣᠳᠧᠯ ᠲᠣᠳᠣᠷᠠᠭᠤᠯᠤᠭ᠎ᠠ ᠦᠭᠡᠢ᠃ 2016 ᠣᠨ ᠳᠤ ᠬ∙ᠤᠶᠠᠩᠭ᠎ᠠ᠂ 2015 ᠣᠨ ᠳᠤ ᠬ∙ᠪᠠᠳᠮᠠᠭᠡᠷᠡᠯ ᠨᠠᠷ ᠲᠤᠰ ᠲᠤᠰ ᠲᠣᠫ ᠮᠣᠳᠧᠯ ᠢᠶᠠᠷ  ᠰᠢᠯᠭᠠᠷᠠᠵᠤ ᠵᠠᠭᠪᠤᠷ ᠤᠨ ᠰᠠᠯᠪᠤᠷᠢ ᠳᠤ ᠬᠦᠯᠢᠶᠡᠨ ᠵᠥᠪᠰᠢᠶᠡᠷᠡᠭᠳᠡᠭᠰᠡᠨ ᠨᠡᠷ᠎ᠡ ᠬᠦᠨᠳᠦ ᠶᠢᠨ ᠡᠵᠡᠳ ᠪᠣᠯᠵᠤ ᠪᠠᠶᠢᠭᠰᠠᠨ ᠶᠤᠮ᠃

ᠰᠡᠳᠬᠢᠭᠳᠡᠯ ᠦᠯᠡᠳᠡᠭᠡᠬᠦ