ᠮᠤᠩᠭᠤᠯ  ᠳᠤ ᠲᠧᠷᠷᠣᠷᠢᠰᠮ ᠤᠨ ᠠᠶᠤᠯ ᠤᠭᠲᠤ ᠪᠠᠶᠢᠬᠤ ᠦᠭᠡᠢ | News.MN

 ᠮᠤᠩᠭᠤᠯ  ᠳᠤ ᠲᠧᠷᠷᠣᠷᠢᠰᠮ ᠤᠨ ᠠᠶᠤᠯ ᠤᠭᠲᠤ ᠪᠠᠶᠢᠬᠤ ᠦᠭᠡᠢ

ᠥᠴᠥᠭᠡᠳᠦᠷ London Institute for Economics and Peace ᠪᠠᠶᠢᠭᠤᠯᠤᠯᠭ᠎ᠠ ᠠᠴᠠ ᠳᠡᠯᠡᠬᠡᠢ ᠶᠢᠨ ᠲᠧᠷᠷᠣᠷᠢᠰᠮ ᠤᠨ ᠢᠨᠳᠧᠺᠰ 2019 ᠰᠤᠳᠤᠯᠭᠠᠨ ᠤ ᠲᠠᠶᠢᠯᠤᠨ ᠢ ᠲᠠᠨᠢᠯᠴᠠᠭᠤᠯᠵᠠᠢ᠃ ᠤᠭ ᠰᠤᠳᠤᠯᠭᠠᠨ ᠳᠤ ᠳᠡᠯᠡᠬᠡᠢ ᠶᠢᠨ ᠨᠡᠶᠢᠲᠡ ᠬᠦᠮᠦᠨ ᠠᠮᠠ ᠶᠢᠨ 99.7  ᠬᠤᠪᠢ ᠶᠢ ᠪᠠᠭᠲᠠᠭᠠᠳᠠᠭ 163 ᠤᠯᠤᠰ ᠣᠷᠣᠨ ᠢ ᠲᠧᠷᠷᠣᠷᠢᠰᠮ ᠤᠨ ᠠᠶᠤᠯ ︽ᠮᠠᠰᠢ ᠥᠨᠳᠥᠷ︾᠂ ︽ᠥᠨᠳᠥᠷ︾᠂  ︽ᠳᠤᠮᠳᠠ ᠵᠡᠷᠭᠡ︾᠂ ︽ᠪᠠᠭ᠎ᠠ︾᠂ ︽ᠮᠠᠰᠢ ᠪᠠᠭ᠎ᠠ︾᠂ ︽ᠣᠭᠲᠣ ᠪᠠᠶᠢᠬᠤ ᠦᠭᠡᠢ︾ ᠭᠡᠰᠡᠨ ᠵᠢᠷᠭᠤᠭᠠᠨ ᠠᠩᠭᠢᠯᠠᠯ ᠳᠤ ᠬᠤᠪᠢᠶᠠᠨ ᠦᠨᠡᠯᠡᠭᠰᠡᠨ ᠪᠠᠶᠢᠨ᠎ᠠ᠃
ᠢᠩᠭᠢᠬᠦ ᠳᠦ ᠮᠣᠩᠭᠣᠯ ᠤᠯᠤᠰ ᠲᠧᠷᠷᠣᠷᠢᠰᠮ ᠤᠨ ᠠᠶᠤᠯ ᠣᠭᠲᠣ ᠪᠠᠶᠢᠬᠤ ᠦᠭᠡᠢ ᠠᠩᠭᠢᠯᠠᠯ ᠳᠤ ᠰᠢᠩᠭᠠᠫᠦᠷ᠂ ᠺᠦᠪᠠ᠂ ᠤᠮᠠᠷᠠᠳᠤ ᠰᠣᠯᠣᠩᠭᠣᠰ᠂ ᠲᠦᠷᠺᠮᠸᠨᠢᠰᠲ᠋ᠠᠨ᠂ ᠪᠠᠯᠸᠷᠦᠰ ᠵᠡᠷᠭᠡ 25 ᠣᠷᠣᠨ ᠤ ᠬᠠᠮᠲᠤ ᠪᠠᠭᠲᠠᠵᠠᠢ᠃ ᠲᠧᠷᠷᠣᠷᠢᠰᠮ ᠤᠨ ᠬᠠᠮᠤᠭ ᠤᠨ ᠥᠨᠳᠥᠷ ᠠᠶᠤᠯᠲᠠᠢ ᠣᠷᠣᠨ ᠨᠤᠭᠤᠳ ᠢ ᠠᠹᠭᠠᠨᠢᠰᠲ᠋ᠠᠨ᠂ ᠢᠷᠠᠺ᠂ ᠨᠢᠭᠧᠷᠢ᠂ ᠰᠢᠷᠢ ᠤᠯᠤᠰ ᠤᠳ ᠲᠡᠷᠢᠭᠦᠯᠡᠭᠰᠡᠨ ᠪᠠᠶᠢᠨ᠎ᠠ᠃ ᠶᠡᠷᠦᠩᠬᠡᠢ ᠳᠦ ᠨᠢ ᠬᠠᠷᠠᠪᠠᠯ 2018 ᠣᠨ ᠳᠤ ᠳᠡᠯᠡᠬᠡᠢ ᠶᠢᠨ 103 ᠤᠯᠤᠰ ᠲᠤ ᠬᠠᠮᠤᠭ ᠤᠨ ᠪᠠᠭ᠎ᠠ ᠳᠤ ᠪᠠᠨ ᠨᠢᠭᠡ ᠲᠧᠷᠷᠣᠷᠢᠰᠲ ᠬᠠᠯᠳᠠᠯᠭ᠎ᠠ ᠪᠦᠷᠢᠳᠬᠡᠭᠳᠡᠵᠡᠢ᠃ ᠭᠡᠬᠦ ᠳᠦ ᠪᠡᠨ 2018 ᠣᠨ ᠳᠤ ᠲᠧᠷᠷᠣᠷᠢᠰᠲ ᠬᠠᠯᠳᠠᠯᠭ᠎ᠠ ᠶᠢᠨ ᠤᠯᠠᠮ ᠠᠴᠠ ᠠᠮᠢ ᠪᠠᠨ ᠠᠯᠳᠠᠭᠰᠠᠳ ᠤᠨ ᠲᠣᠭ᠎ᠠ ᠳᠡᠯᠡᠬᠡᠢ ᠳᠠᠶᠠᠭᠠᠷ  ᠳᠦᠷᠪᠡᠳᠡᠬᠢ ᠵᠢᠯ ᠳᠦ ᠪᠡᠨ ᠳᠠᠷᠠᠭᠠᠯᠠᠨ ᠪᠠᠭᠤᠷᠠᠭᠰᠠᠨ ᠪᠠᠶᠢᠨ᠎ᠠ᠃

ᠰᠡᠳᠬᠢᠭᠳᠡᠯ ᠦᠯᠡᠳᠡᠭᠡᠬᠦ