ᠳᠠᠷᠬᠠᠨ ᠤ ᠰᠢᠨ᠎ᠡ ᠵᠠᠮ ᠳᠤ 137 ᠰᠠᠶ᠎ᠠ ᠳ᠋ᠣᠯᠯᠠᠷ ᠵᠠᠷᠤᠴᠠᠭᠤᠯᠤᠨ᠎ᠠ  | News.MN

ᠳᠠᠷᠬᠠᠨ ᠤ ᠰᠢᠨ᠎ᠡ ᠵᠠᠮ ᠳᠤ 137 ᠰᠠᠶ᠎ᠠ ᠳ᠋ᠣᠯᠯᠠᠷ ᠵᠠᠷᠤᠴᠠᠭᠤᠯᠤᠨ᠎ᠠ 

ᠮᠣᠩᠭᠣᠯ ᠤᠯᠤᠰ ᠤᠨ ᠵᠠᠰᠠᠭ ᠤᠨ ᠭᠠᠵᠠᠷ ᠪᠣᠯᠤᠨ ᠧᠦ᠋ᠷᠣᠫᠠ ᠶᠢᠨ ᠰᠡᠷᠭᠦᠭᠡᠨ ᠪᠣᠰᠬᠠᠯᠲᠠ ᠬᠥᠭᠵᠢᠯ ᠦᠨ ᠪᠠᠩᠬᠢ ᠬᠣᠭᠣᠷᠣᠨᠳᠣ ᠶᠢᠨ ︽ᠤᠯᠠᠭᠠᠨᠪᠠᠭᠠᠲᠤᠷ ᠳᠠᠷᠬᠠᠨ ᠤ ᠴᠢᠭᠯᠡᠯ ᠦᠨ ᠵᠠᠮ ᠤᠨ ᠲᠥᠰᠥᠯ︾ ᠦᠨ ᠵᠢᠭᠡᠯᠡ ᠶᠢᠨ ᠬᠡᠯᠡᠯᠴᠡᠭᠡᠷ ᠲᠦ ᠭᠠᠷ ᠤᠨ ᠦᠰᠦᠭ ᠵᠢᠷᠤᠬᠤ ᠡᠷᠬᠡ ᠶᠢ ᠰᠠᠶᠢᠳ ᠴ∙ᠬᠦᠷᠡᠯᠪᠠᠭᠠᠲᠤᠷ ᠲᠤ ᠣᠯᠭᠤᠭᠰᠠᠨ᠃
︽ᠰᠠᠩᠬᠦᠦᠵᠢᠯᠲᠡ ᠶᠢᠨ ᠶᠡᠷᠦᠩᠬᠡᠢ ᠬᠡᠯᠡᠯᠴᠡᠭᠡᠷ︾ ᠍ ᠢ 2019 ᠣᠨ ᠤ ᠶᠢᠰᠦᠳᠦᠭᠡᠷ ᠰᠠᠷ᠎ᠠ ᠶᠢᠨ 12 ᠍ ᠤ ᠡᠳᠦᠷ ᠤᠯᠤᠰ ᠤᠨ ᠶᠡᠬᠡ ᠬᠤᠷᠠᠯ ᠤᠨ ᠨᠢᠭᠡᠳᠦᠭᠰᠡᠨ ᠴᠢᠭᠤᠯᠭᠠᠨ ᠢᠶᠠᠷ ᠰᠣᠶᠣᠷᠬᠠᠨ ᠪᠠᠲᠤᠯᠠᠭᠰᠠᠨ ᠪᠥᠭᠡᠳ ᠤᠯᠠᠭᠠᠨᠪᠠᠭᠠᠲᠤᠷ ᠳᠠᠷᠬᠠᠨ ᠴᠢᠭᠯᠡᠯ ᠳᠦ ᠨᠡᠮᠡᠯᠲᠡ ᠬᠣᠶᠠᠷ ᠡᠩᠨᠡᠭᠡ ᠪᠦᠬᠦᠢ 202 ᠺᠢᠯᠣᠮᠧᠲ᠋ᠷ ᠬᠠᠲᠠᠭᠤ ᠬᠤᠴᠢᠯᠲᠠ ᠲᠠᠢ ᠵᠠᠮ ᠰᠢᠨ᠎ᠡ ᠪᠡᠷ ᠪᠠᠷᠢᠬᠤ ᠪᠠᠷ ᠵᠠᠰᠠᠭ ᠤᠨ ᠭᠠᠵᠠᠷ 2019 ᠣᠨ ᠤ ᠶᠢᠰᠦᠳᠦᠭᠡᠷ ᠰᠠᠷ᠎ᠠ ᠶᠢᠨ 18 ᠍ ᠤ ᠡᠳᠦᠷ ᠰᠢᠢᠳᠪᠦᠷᠢᠯᠡᠵᠡᠢ᠃ 137 ᠰᠠᠶ᠎ᠠ ᠳ᠋ᠣᠯᠯᠠᠷ ᠤᠨ ᠨᠡᠩ ᠬᠥᠩᠭᠡᠯᠡᠯᠲᠡ ᠲᠡᠢ ᠵᠢᠭᠡᠯᠡ ᠨᠢ 18 ᠵᠢᠯ ᠦᠨ ᠬᠤᠭᠤᠴᠠᠭ᠎ᠠ ᠲᠠᠢ᠂ ᠦᠨᠳᠦᠰᠦᠨ ᠲᠥᠯᠥᠪᠦᠷᠢ ᠡᠴᠡ ᠴᠢᠯᠦᠭᠡᠯᠡᠭᠳᠡᠬᠦ ᠬᠤᠭᠤᠴᠠᠭ᠎ᠠ ᠳᠥᠷᠪᠡᠨ ᠵᠢᠯ᠂ ᠵᠢᠯ ᠦᠨ ᠬᠦᠦ 1% ᠪᠠᠶᠢᠬᠤ ᠶᠤᠮ᠃

ᠰᠡᠳᠬᠢᠭᠳᠡᠯ ᠦᠯᠡᠳᠡᠭᠡᠬᠦ