ᠮ∙ᠳᠠᠸᠠᠵᠢᠷᠭᠠᠯ 43 ᠳ᠋ᠡᠬᠢ ᠲᠦᠷᠦᠭᠦᠦ ᠪᠡᠨ ᠠᠪᠤᠯ᠎ᠠ  | News.MN

ᠮ∙ᠳᠠᠸᠠᠵᠢᠷᠭᠠᠯ 43 ᠳ᠋ᠡᠬᠢ ᠲᠦᠷᠦᠭᠦᠦ ᠪᠡᠨ ᠠᠪᠤᠯ᠎ᠠ 

ᠶᠠᠫᠣᠨ ᠤ ᠮᠡᠷᠭᠡᠵᠢᠯ ᠦᠨ ᠰᠦᠮᠣ᠋ ᠪᠥᠬᠡ ᠶᠢᠨ ᠺᠢᠦᠱᠢᠤ᠋  ᠪᠠᠱᠶᠤ᠋ ᠶᠢᠨ 14 ᠳ᠋ᠡᠬᠢ ᠡᠳᠦᠷ 69 ᠳ᠋ᠡᠬᠢ ᠶᠡᠬᠡ ᠠᠪᠤᠷᠭᠤ  ᠬᠠᠺᠤᠬᠤ᠋ ᠮ∙ᠳᠠᠸᠠᠵᠢᠷᠭᠠᠯ᠂ ᠰᠡᠬᠢᠸᠠᠺᠧ ᠮᠢᠲ᠋ᠠᠺᠤᠮᠢ ᠶᠢ ᠤᠨᠠᠭᠠᠵᠤ 13 ᠳᠠᠪᠠᠭ᠎ᠠ᠂ 1 ᠤᠨᠤᠭ᠎ᠠ ᠲᠠᠢ ᠪᠠᠷ 43 ᠳ᠋ᠡᠬᠢ ᠲᠦᠷᠦᠭᠦᠦ ᠪᠡᠨ ᠠᠪᠤᠯ᠎ᠠ᠃ ᠡᠵᠡᠨ ᠬᠠᠭᠠᠨ ᠤ ᠴᠣᠮᠣ ᠶᠢ 43 ᠳ᠋ᠡᠬᠢ ᠤᠳᠠᠭ᠎ᠠ ᠬᠦᠷᠲᠡᠬᠦ ᠪᠣᠯᠤᠭᠰᠠᠨ ᠶᠡᠬᠡ ᠠᠪᠤᠷᠭᠤ ᠠᠴᠠ ᠡᠨᠡ ᠦᠶ᠎ᠡ ᠪᠡᠷ ᠰᠡᠳᠬᠦᠯᠴᠢ ᠶᠠᠷᠢᠯᠴᠠᠯᠭ᠎ᠠ ᠠᠪᠤᠭᠰᠠᠨ ᠶᠤᠮ ᠃ ᠲᠡᠷᠡᠪᠡᠷ᠄ ᠺᠢᠦᠱᠢᠤ᠋ ᠪᠠᠱᠶᠤ᠋ ᠳᠤ 3 ᠵᠢᠯ   ᠲᠦᠷᠦᠭᠦᠯᠡᠭᠡ ᠦᠭᠡᠢ ᠪᠠᠶᠢᠭᠰᠠᠨ᠂ ᠶᠡᠬᠡ ᠪᠠᠶᠠᠷᠲᠠᠢ ᠪᠠᠶᠢᠨ᠎ᠠ᠃ ᠡᠨᠡ ᠤᠳᠠᠭ᠎ᠠ ᠡᠳᠦᠷ ᠪᠦᠷᠢ ᠯᠠ ᠡᠷᠴᠢ ᠬᠦᠴᠦ ᠨᠡᠮᠡᠭᠳᠡᠵᠦ ᠪᠠᠶᠢᠯ᠎ᠠ᠃ ᠭᠤᠷᠪᠠᠳᠤᠭᠠᠷ ᠰᠠᠷ᠎ᠠ ᠳᠤ ᠠᠪᠤᠭᠰᠠᠨ ᠭᠡᠮᠲᠦᠯ ᠪᠡᠷᠲᠡᠯ ᠢᠶᠡᠨ ᠳᠠᠪᠠᠵᠤ ᠭᠠᠷᠴᠤ ᠴᠢᠳᠠᠯ᠎ᠠ᠃ ᠪᠡᠯᠡᠳᠬᠡᠯ ᠶᠡᠬᠡ ᠰᠠᠶᠢᠨ ᠪᠠᠶᠢᠭᠰᠠᠨ᠃ ᠪᠠᠱᠶᠤ᠋ ᠶᠢᠨ ᠰᠡᠭᠦᠯ ᠦᠨ ᠪᠠᠷᠢᠯᠳᠤᠭᠠᠨ ᠳᠤ ᠳᠠᠪᠠᠵᠤ ᠢᠯᠠᠯᠲᠠ ᠪᠠᠷ ᠳᠠᠭᠤᠰᠬᠠᠮᠠᠷ ᠪᠠᠶᠢᠨ᠎ᠠ ᠭᠡᠯ᠎ᠡ᠃

ᠰᠡᠳᠬᠢᠭᠳᠡᠯ ᠦᠯᠡᠳᠡᠭᠡᠬᠦ