ᠨ∙ᠨᠣᠮᠢᠨ ᠫᠠᠦ᠋ᠷᠯᠢᠹᠲ᠋ᠢᠨ ‍ᠣ ᠷᠧᠺᠣᠷᠳ᠋ ᠢ ᠰᠢᠨᠡᠴᠢᠯᠡᠨ ᠲᠤᠭᠲᠠᠭᠠᠵᠠᠢ  | News.MN

ᠨ∙ᠨᠣᠮᠢᠨ ᠫᠠᠦ᠋ᠷᠯᠢᠹᠲ᠋ᠢᠨ ‍ᠣ ᠷᠧᠺᠣᠷᠳ᠋ ᠢ ᠰᠢᠨᠡᠴᠢᠯᠡᠨ ᠲᠤᠭᠲᠠᠭᠠᠵᠠᠢ 

ᠨᠡᠶᠢᠰᠯᠡᠯ ᠦᠨ ᠤᠨᠴᠠᠭᠠᠢ ᠪᠠᠶᠢᠳᠠᠯ ᠤᠨ ᠭᠠᠵᠠᠷ᠍ ᠤᠨ ᠰᠦᠬᠡᠪᠠᠭᠠᠲᠤᠷ ᠳᠡᠭᠦᠷᠭᠡ ᠶᠢᠨ ᠣᠨᠴᠠᠭᠠᠢ ᠪᠠᠶᠢᠳᠠᠯ ᠤᠨ ᠬᠡᠯᠲᠡᠰ ᠦᠨ ᠭᠠᠯ ᠲᠦᠢᠮᠡᠷ ᠤᠨᠲᠠᠷᠠᠭᠠᠬᠤ᠂ ᠠᠪᠤᠷᠠᠬᠤ 34 ᠳ᠋ᠤᠭᠡᠷ ᠠᠩᠬᠢ ᠶᠢᠨ ᠰᠢᠭᠤᠷᠬᠠᠢ ᠤᠳᠤᠷᠢᠳᠤᠯᠭ᠎ᠠ ᠶᠢᠨ ᠣᠫᠧᠷᠠᠲ᠋ᠣᠷ᠂ ᠳᠡᠳ᠋ ᠠᠬᠠᠯᠠᠭᠴᠢ ᠨ∙ᠨᠣᠮᠢᠨ ᠫᠠᠦ᠋ᠷᠯᠢᠹᠲ᠋ᠢᠨ ‍ᠣ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠦ +57 ᠺᠢᠯᠦᠭᠷᠡᠮ ᠵᠢᠩ ᠳᠦ ᠨᠡᠶᠢᠯᠡᠪᠦᠷᠢ ᠳ᠋ᠦᠩ ᠢᠶᠡᠷ ᠢᠶᠡᠨ 327.5  ᠺᠢᠯᠦᠭᠷᠡᠮ ᠡᠷᠭᠦᠵᠦ᠂ ᠮᠣᠩᠭᠣᠯ ᠤᠯᠤᠰ ᠤᠨ ᠬᠡᠷᠡᠭᠯᠡᠯ ᠦᠭᠡᠢ ᠲᠥᠷᠥᠯ ᠦᠨ ᠷᠧᠺᠣᠷᠳ᠋ ᠢ ᠰᠢᠨᠡᠴᠢᠯᠡᠨ ᠲᠣᠭᠲᠠᠭᠠᠯ᠎ᠠ᠃
ᠮᠥᠨ ᠲᠡᠷᠡ ᠪᠡᠷ ᠲᠤᠰ ᠰᠫᠣᠷᠲ ᠤᠨ ᠰᠠᠭᠤᠯᠲᠠ ᠶᠢᠨ ᠲᠥᠷᠥᠯ ᠳᠦ 157.5 ᠺᠢᠯᠦᠭᠷᠡᠮ ᠦᠨ ᠵᠢᠩ ᠢᠶᠡᠷ᠂ ᠭᠠᠵᠠᠷ ᠠᠴᠠ ᠱᠲ᠋ᠠᠨ ᠲᠠᠲᠠᠯᠲᠠ ᠶᠢᠨ ᠲᠥᠷᠥᠯ ᠳᠦ 142.5 ᠺᠢᠯᠦᠭᠷᠡᠮ ᠦᠨ ᠵᠢᠩ ᠢᠶᠡᠷ ᠲᠤᠰ ᠲᠤᠰ ᠮᠣᠩᠭᠣᠯ ᠤᠯᠤᠰ ᠤᠨ ᠷᠧᠺᠣᠷᠳ᠋ ᠢ ᠡᠵᠡᠮᠰᠢᠳᠡᠭ ᠶᠤᠮ ᠃ ᠨ∙ᠨᠣᠮᠢᠨ ᠨᠢ ᠣᠨᠴᠠᠭᠠᠢ ᠪᠠᠶᠢᠳᠠᠯ ᠤᠨ ᠪᠠᠶᠢᠭᠤᠯᠤᠯᠭ᠎ᠠ ᠳᠤ  ᠬᠤᠶᠠᠳᠠᠬᠢ ᠵᠢᠯ ᠳᠦ ᠪᠡᠨ ᠠᠵᠢᠯᠯᠠᠵᠤ ᠪᠠᠶᠢᠭ᠎ᠠ ᠪᠥᠭᠡᠳ 2018 ᠣᠨ ᠠᠴᠠ ᠬᠣᠶᠢᠰᠢ ᠫᠠᠦ᠋ᠷᠯᠢᠹᠲ᠋ᠢᠨ ‍ᠣ ᠰᠫᠣᠷᠲ ᠢᠶᠠᠷ ᠬᠢᠴᠢᠶᠡᠯᠯᠡᠨ᠂ ᠤᠯᠤᠰ ᠤᠨ ᠪᠣᠯᠤᠨ ᠣᠯᠠᠨ ᠤᠯᠤᠰ ᠤᠨ ᠲᠡᠮᠡᠴᠡᠭᠡᠨ ᠳᠦ ᠲᠣᠭᠲᠠᠮᠠᠯ ᠠᠮᠵᠢᠯᠲᠠᠲᠠᠢ ᠣᠷᠣᠯᠴᠠᠵᠤ ᠪᠠᠶᠢᠨ᠎ᠠ ᠭᠡᠵᠦ ᠨᠡᠶᠢᠰᠯᠡᠯ ᠦᠨ ᠤᠨᠴᠠᠭᠠᠢ ᠪᠠᠶᠢᠳᠠᠯ ᠤᠨ ᠭᠠᠵᠠᠷ᠍ ᠤᠨ ᠰᠦᠬᠡᠪᠠᠭᠠᠲᠤᠷ ᠳᠡᠭᠦᠷᠭᠡ ᠶᠢᠨ ᠣᠨᠴᠠᠭᠠᠢ ᠪᠠᠶᠢᠳᠠᠯ ᠤᠨ ᠬᠡᠯᠲᠡᠰ ᠡᠴᠡ ᠮᠡᠳᠡᠭᠡᠯᠡᠯ᠎ᠡ᠃

ᠰᠡᠳᠬᠢᠭᠳᠡᠯ ᠦᠯᠡᠳᠡᠭᠡᠬᠦ