ᠤᠷᠠᠨ ᠪᠦᠲᠦᠭᠡᠯᠴᠢᠳ ᠲᠠᠶᠢᠸᠠᠨ ᠳᠤ ᠣᠳᠣ ᠲᠠᠢ ᠪᠠᠶᠢᠯ᠎ᠠ  | News.MN

ᠤᠷᠠᠨ ᠪᠦᠲᠦᠭᠡᠯᠴᠢᠳ ᠲᠠᠶᠢᠸᠠᠨ ᠳᠤ ᠣᠳᠣ ᠲᠠᠢ ᠪᠠᠶᠢᠯ᠎ᠠ 

ᠮᠣᠩᠭᠣᠯ ᠤᠨ ᠵᠢᠷᠤᠭᠠᠴᠢ ᠵ∙ᠮᠥᠩᠬᠡᠵᠢᠷᠭᠠᠯ ᠤᠨ ︽ᠦᠳᠡᠰᠢ᠄ ᠰᠠᠷᠠ ᠳᠡᠯᠡᠬᠡᠢ ᠶᠢ ᠵᠡᠭᠦᠳᠦᠯᠡᠬᠦ ᠦᠶ᠎ᠡ ᠳᠦ︾ ᠬᠡᠮᠡᠬᠦ ᠤᠷᠠᠨ ᠵᠢᠷᠤᠭ ᠨᠢ ᠲᠠᠶᠢᠸᠠᠨ ᠤ ︽ᠳ᠋ᠠ ᠳ᠋ᠦᠩ ᠤᠷᠠᠯᠢᠭ ᠤᠨ ᠦᠵᠡᠰᠬᠦᠯᠡᠩ 2019︾ ᠨᠠᠭᠠᠳᠤᠮ ᠤᠨ ᠤᠰᠤᠨ ᠪᠤᠳᠤᠭ ᠤᠨ ᠲᠥᠷᠥᠯ ᠳᠦ ᠬᠣᠶᠠᠳᠤᠭᠠᠷ ᠪᠠᠶᠢᠷᠢ ᠡᠵᠡᠯᠡᠭᠰᠡᠨ ᠨᠢ ᠮᠣᠩᠭᠣᠯ ᠤᠷᠠᠨ ᠪᠦᠲᠦᠭᠡᠯᠴᠢ ᠶᠢᠨ ᠠᠪᠤᠭᠰᠠᠨ ᠠᠩᠬᠠᠨ ᠤ ᠱᠠᠩᠨᠠᠯᠲᠤ ᠪᠠᠶᠢᠷᠢ ᠪᠣᠯᠤᠯ᠎ᠠ᠃ ᠡᠭᠦᠨ ᠡᠴᠡ ᠭᠠᠳᠠᠨ᠎ᠠ ᠡᠨᠡ ᠵᠢᠯ ᠬᠡᠪᠯᠡᠮᠡᠯ ᠤᠷᠠᠨ ᠵᠢᠷᠤᠭ ᠤᠨ ᠲᠥᠷᠥᠯ ᠢᠶᠡᠷ ᠽ∙ᠤᠶᠠᠩᠭ᠎ᠠ᠂ ᠤᠷᠠᠨ ᠪᠠᠷᠢᠮᠠᠯ ᠤᠨ ᠲᠥᠷᠥᠯ ᠳᠦ ᠳ∙ᠣᠳᠬᠣᠨᠪᠠᠶᠠᠷ᠂ ᠭᠠᠷ ᠤᠷᠠᠯᠠᠯ ᠤᠨ ᠲᠥᠷᠥᠯ ᠢᠶᠡᠷ ᠠ᠊∙ᠴᠤᠭᠳᠠᠭᠪᠠ ᠨᠠᠷ ᠲᠤᠰ ᠲᠤᠰ ᠤᠷᠠᠨ  ᠪᠦᠲᠦᠭᠡᠯ ᠦᠳ ᠢᠶᠡᠷ ᠢᠶᠡᠨ ᠠᠮᠵᠢᠯᠲᠠ ᠲᠠᠢ ᠣᠷᠣᠯᠴᠠᠨ ᠡᠴᠦᠰ ᠦᠨ ᠰᠢᠯᠭᠠᠷᠠᠭᠤᠯᠤᠯᠲᠠ ᠶᠢᠨ ᠱᠠᠩᠨᠠᠯᠲᠤ ᠪᠠᠶᠢᠷᠢ ᠶᠢ ᠡᠵᠡᠯᠡᠵᠦ ᠴᠢᠳᠠᠭᠰᠠᠨ ᠶᠤᠮ᠃ ᠨᠡᠶᠢᠲᠡ ᠳᠦ ᠪᠡᠨ ᠤᠭ ᠦᠵᠡᠰᠬᠦᠯᠡᠩ ᠳᠦ ᠣᠷᠣᠯᠴᠠᠭᠰᠠᠨ ᠤᠷᠠᠨ ᠪᠦᠲᠦᠭᠡᠯᠴᠢᠳ ᠡᠴᠡ ᠭᠠᠳᠠᠭᠠᠳᠤ ᠶᠢᠨ ᠤᠷᠠᠨ ᠪᠦᠲᠦᠭᠡᠯᠴᠢ ᠪᠠᠶᠢᠭᠰᠠᠨ ᠤ ᠳᠥᠷᠪᠡ ᠨᠢ ᠮᠣᠩᠭᠣᠯ ᠤᠨ ᠬᠢ ᠪᠠᠶᠢᠯ᠎ᠠ᠃
ᠤᠯᠠᠭᠠᠨᠪᠠᠭᠠᠲᠤᠷ ᠬᠣᠲᠠ ᠶᠢᠨ ᠲᠠᠶᠢᠪᠸᠢ ᠳ᠋ᠡᠬᠢ ᠬᠤᠳᠠᠯᠳᠤᠭ᠎ᠠ᠂ ᠡᠳ᠋ ᠍ ᠦᠨ ᠵᠠᠰᠠᠭ ᠤᠨ ᠲᠥᠯᠥᠭᠡᠯᠡᠭᠴᠢ ᠶᠢᠨ ᠭᠠᠵᠠᠷ ᠤᠨ ᠲᠥᠯᠥᠭᠡᠯᠡᠭᠴᠢ ᠨᠣᠶᠠᠨ ᠯ∙ᠵᠤᠯᠵᠠᠶᠠᠭ᠎ᠠ ᠱᠠᠩᠨᠠᠯ ᠭᠠᠷᠳᠠᠭᠤᠯᠬᠤ ᠶᠣᠰᠣᠯᠠᠯ ᠳᠤ ᠤᠷᠢᠯᠭ᠎ᠠ ᠪᠠᠷ ᠣᠷᠣᠯᠴᠠᠨ᠂ ᠵ∙ᠮᠥᠩᠬᠡᠵᠢᠷᠭᠠᠯ ᠳᠤ ᠱᠠᠩᠨᠠᠯ ᠢ ᠨᠢ ᠭᠠᠷᠳᠠᠭᠤᠯᠵᠤ ᠥᠭᠭᠦᠯ᠎ᠡ᠃ ︽ᠳ᠋ᠠ ᠳ᠋ᠦᠩ ᠤᠷᠠᠯᠢᠭ ᠤᠨ ᠦᠵᠡᠰᠬᠦᠯᠡᠩ︾ ᠨᠢ 1996 ᠣᠨ ᠠᠴᠠ ᠬᠣᠶᠢᠰᠢ 24 ᠳ᠋ᠡᠬᠢ ᠵᠢᠯ ᠳᠦ ᠪᠡᠨ ᠵᠣᠬᠢᠶᠠᠨ ᠪᠠᠶᠢᠭᠤᠯᠤᠭᠳᠠᠵᠤ ᠪᠠᠶᠢᠭ᠎ᠠ ᠪᠥᠭᠡᠳ 2002 ᠣᠨ ᠠᠴᠠ ᠭᠠᠳᠠᠭᠠᠳᠤ ᠣᠷᠣᠨ ᠤ ᠤᠷᠠᠨ ᠪᠦᠲᠦᠭᠡᠯᠴᠢᠳ ᠦᠨ ᠪᠦᠲᠦᠭᠡᠯ ᠦᠳ ᠢ ᠬᠦᠯᠢᠶᠡᠨ ᠠᠪᠴᠤ ᠡᠬᠢᠯᠡᠭᠰᠡᠨ᠃ ᠲᠤᠰ ᠦᠵᠡᠰᠬᠦᠯᠡᠩ ᠨᠢ ᠤᠰᠤᠨ ᠪᠤᠳᠤᠭ᠂ ᠲᠣᠰᠤᠨ ᠪᠤᠳᠤᠭ᠂ ᠭᠡᠷᠡᠯ ᠵᠢᠷᠤᠭ᠂ ᠤᠷᠠᠨ ᠪᠠᠷᠢᠮᠠᠯ᠂ ᠭᠠᠷ ᠤᠷᠠᠯᠠᠯ ᠪᠣᠯᠤᠨ ᠳ᠋ᠢᠵᠢᠲ᠋ᠠᠯ ᠤᠷᠠᠯᠠᠯ ᠭᠡᠬᠦ ᠮᠡᠲᠦ ᠨᠡᠶᠢᠲᠡ 11 ᠲᠥᠷᠥᠯ ᠢᠶᠡᠷ ᠵᠣᠬᠢᠶᠠᠨ  ᠪᠠᠶᠢᠭᠤᠯᠤᠭᠳᠠᠳᠠᠭ ᠪᠥᠭᠡᠳ ᠨᠡᠶᠢᠲᠡ ᠱᠠᠩᠨᠠᠯ ᠤᠨ ᠰᠠᠩ ᠨᠢ 130 ᠮᠢᠩᠭᠠᠨ ᠳ᠋ᠣᠯᠯᠠᠷ ᠶᠤᠮ᠃

ᠰᠡᠳᠬᠢᠭᠳᠡᠯ ᠦᠯᠡᠳᠡᠭᠡᠬᠦ