ᠲ∙ᠰᠠᠨᠢᠴᠢᠷ᠂ ᠲ∙ᠤᠤᠭᠠᠨᠪᠠᠶᠠᠷ ᠪᠠᠭ ᠢᠶᠠᠨ ᠢᠯᠠᠯᠲᠠ ᠳᠤ ᠬᠥᠲᠥᠯᠡᠯ᠎ᠡ  | News.MN

ᠲ∙ᠰᠠᠨᠢᠴᠢᠷ᠂ ᠲ∙ᠤᠤᠭᠠᠨᠪᠠᠶᠠᠷ ᠪᠠᠭ ᠢᠶᠠᠨ ᠢᠯᠠᠯᠲᠠ ᠳᠤ ᠬᠥᠲᠥᠯᠡᠯ᠎ᠡ 

ᠮᠣᠩᠭᠣᠯ ᠤᠨ ᠦᠨᠳᠦᠰᠦᠨ ᠦ ᠰᠦᠫᠸᠷ ᠯᠢᠭ ᠦᠨ ︽ᠲᠡᠷᠢᠭᠦᠨ ᠬᠡᠰᠡᠭ︾ ᠦᠨ ᠨᠡᠭᠡᠭᠡᠯᠲᠡ ᠶᠢᠨ 2 ᠲᠣᠭᠯᠠᠯᠲᠠ ᠥᠴᠥᠭᠡᠳᠦᠷ ︵2019.11.19︶ ᠪᠣᠯᠵᠤ᠂ ︽ᠬᠣᠪᠳᠣ ᠱᠣᠩᠬᠣᠷ ᠤᠳ︾ ᠪᠠᠭ 96-108 ᠍ᠪᠠᠷ ᠥᠪᠦᠷᠬᠠᠩᠭᠠᠢ ᠶᠢᠨ ︽ᠲᠡᠨᠢᠭᠦᠨ ᠥᠯᠵᠡᠢ︾ ᠪᠠᠭ ᠲᠤ ᠢᠯᠠᠭᠳᠠᠯ᠎ᠠ᠃ ︽ᠲᠡᠨᠢᠭᠦᠨ ᠥᠯᠵᠡᠢ︾ ᠪᠠᠭ ᠠᠴᠠ ᠲ∙ᠤᠤᠭᠠᠨᠪᠠᠶᠠᠷ 21 ᠣᠨᠣᠭ᠎ᠠ ᠠᠪᠴᠤ ᠪᠠᠭ ᠢᠶᠠᠨ ᠬᠣᠵᠢᠯ ᠳᠤ ᠬᠥᠲᠥᠯᠦᠭᠰᠡᠨ ᠪᠣᠯ ᠱᠣᠩᠬᠣᠷ ᠤᠳ ᠠᠴᠠ ᠼ∙ᠣᠳᠬᠣᠨᠵᠢᠷᠭᠠᠯ 24 ᠣᠨᠣᠭ᠎ᠠ 6 ᠰᠠᠮᠪᠠᠷ᠎ᠠ 5 ᠣᠨᠣᠪᠴᠢᠲᠠᠢ ᠳᠠᠮᠵᠢᠭᠤᠯᠤᠯᠲᠠ ᠭᠡᠰᠡᠨ ᠲᠡᠭᠰᠢ ᠲᠣᠭᠯᠠᠯᠲᠠ ᠶᠢ ᠦᠵᠡᠭᠦᠯᠦᠭᠰᠡᠨ ᠴᠤ ᠪᠠᠭ ᠨᠢ ᠬᠤᠵᠢᠭᠳᠠᠯ᠎ᠠ᠃ ᠲᠤᠰ ᠲᠤᠭᠯᠠᠯᠲᠠ ᠳᠤ ᠱᠣᠩᠬᠣᠷ ᠤᠳ ᠤᠨ ᠯᠢᠳᠧᠷ ᠦᠳ ᠪᠣᠯᠬᠤ ᠡ᠊∙ᠳᠦᠯᠭᠡᠨ᠂ ᠭ᠂ ᠴᠡᠩᠭᠡᠭᠦᠨᠪᠠᠶᠠᠷ ᠨᠠᠷ ᠭᠡᠮᠲᠦᠯ ᠦᠨ ᠤᠯᠠᠮ ᠠᠴᠠ ᠲᠣᠭᠯᠠᠭ᠎ᠠ ᠦᠭᠡᠢ ᠪᠢᠯᠡ᠃ ᠬᠠᠷᠢᠨ ᠰᠡᠭᠦᠯ ᠦᠨ 3 ᠵᠢᠯ ᠦᠨ ᠠᠪᠤᠷᠭᠤ ᠨᠤᠭᠤᠳ ᠪᠣᠯᠬᠤ ᠠᠷᠤᠬᠠᠩᠭᠠᠢ ᠶᠢᠨ ︽ᠠᠯᠲᠠᠨ ᠳᠣᠷᠣᠨᠠᠲᠤ ᠳᠠᠶᠢᠴᠢᠳ︾ ᠪᠠᠭ 111-109 ᠍ ᠪᠡᠷ ᠰᠦᠬᠡᠪᠠᠭᠠᠲᠤᠷ ︽ᠳᠠᠷᠢᠭᠠᠩᠭ᠎ᠠ ᠠᠯᠢᠶᠠᠨᠰ ᠲᠸᠾ︾ ᠪᠠᠭ ᠢ ᠪᠠᠭᠤᠯᠭᠠᠨ ᠠᠪᠴᠤ ᠰᠢᠨ᠎ᠡ ᠤᠯᠠᠷᠢᠯ ᠢᠶᠠᠨ ᠬᠣᠵᠢᠯ ᠢᠶᠠᠷ ᠡᠬᠢᠯᠡᠭᠦᠯᠦᠯ᠎ᠡ᠃ ᠲᠤᠭᠯᠠᠯᠲᠠ ᠳᠤ ᠠᠷᠤᠬᠠᠩᠭᠠᠢ ᠶᠢᠨ ︽ᠠᠯᠲᠠᠨ ᠳᠣᠷᠣᠨᠠᠲᠤ ᠳᠠᠶᠢᠴᠢᠳ︾ ᠪᠠᠭ ᠤᠨ ᠯᠢᠳᠧᠷ ᠲ∙ᠰᠠᠨᠢᠴᠢᠷ 31 ᠣᠨᠣᠭ᠎ᠠ 6 ᠰᠠᠮᠪᠠᠷ᠎ᠠ 4 ᠣᠨᠣᠪᠴᠢᠲᠠᠢ ᠳᠠᠮᠵᠢᠭᠤᠯᠤᠯᠲᠠ ᠪᠠᠷ ᠪᠠᠭ ᠲᠤ ᠪᠠᠨ ᠲᠤᠰᠠ ᠬᠦᠷᠭᠡᠭᠰᠡᠨ ᠪᠣᠯ ᠡᠰᠡᠷᠭᠦ ᠪᠠᠭ ᠠᠴᠠ ᠳᠠᠷᠢᠭᠠᠩᠭᠠᠴᠤᠳ ᠤᠨ ᠰᠢᠨ᠎ᠡ ᠴᠡᠷᠢᠭ ᠠ᠊∙ᠠᠨᠠᠨᠳᠠ 34 ᠣᠨᠣᠭ᠎ᠠ 8 ᠰᠠᠮᠪᠠᠷ᠎ᠠ ᠠᠪᠴᠠᠢ᠃

ᠰᠡᠳᠬᠢᠭᠳᠡᠯ ᠦᠯᠡᠳᠡᠭᠡᠬᠦ