ᠱ∙ᠰᠡᠳᠢᠪᠠᠽᠠᠷ ᠤᠨ ᠵᠣᠳᠣᠭ ᠲᠠᠶᠢᠯᠬᠤ ᠶᠣᠰᠣᠯᠠᠯ ᠪᠣᠯᠤᠨ᠎ᠠ  | News.MN

ᠱ∙ᠰᠡᠳᠢᠪᠠᠽᠠᠷ ᠤᠨ ᠵᠣᠳᠣᠭ ᠲᠠᠶᠢᠯᠬᠤ ᠶᠣᠰᠣᠯᠠᠯ ᠪᠣᠯᠤᠨ᠎ᠠ 

ᠮᠣᠩᠭᠣᠯ ᠤᠨ ᠰᠠᠭᠰᠤᠨ ᠪᠥᠮᠪᠥᠭᠡ ᠶᠢᠨ ᠶᠢᠷᠲᠢᠨᠴᠦ ᠬᠣᠶᠠᠷ ᠬᠣᠯᠪᠣᠭᠠᠨ ᠤ ᠠᠰᠠᠭᠤᠳᠠᠯ ᠠᠴᠠ ᠪᠣᠯᠵᠤ᠂ ᠬᠣᠶᠠᠷ ᠯᠢᠭ ᠦᠨ ᠨᠢᠭᠤᠷ ᠦᠵᠡᠭᠡᠳ ᠪᠠᠭ᠎ᠠ ᠦᠭᠡᠢ ᠬᠤᠭᠤᠴᠠᠭ᠎ᠠ ᠥᠩᠭᠡᠷᠡᠴᠡᠢ᠃ ᠬᠡᠳᠦᠬᠡᠨ ᠬᠣᠨᠣᠭ ᠤᠨ ᠡᠮᠦᠨ᠎ᠡ ᠮᠣᠩᠭᠣᠯ ᠤᠨ ᠦᠨᠳᠦᠰᠦᠨ ᠦ ᠰᠦᠫᠸᠷ ᠯᠢᠭ ᠨᠡᠭᠡᠭᠡᠯᠲᠡ ᠪᠡᠨ ᠬᠢᠭᠰᠡᠨ ᠪᠣᠯ ᠮᠠᠷᠭᠠᠰᠢ ︵2019.11.22︶18.00 ᠴᠠᠭ ᠲᠤ ᠭᠣᠶᠣ ᠳᠡᠭᠡᠳᠦ ᠯᠢᠭ ᠰᠫᠣᠷᠲ ᠤᠨ ᠲᠥᠪ ᠣᠷᠳᠣᠨ ᠳᠤ ᠨᠡᠭᠡᠭᠡᠯᠲᠡ ᠪᠡᠨ ᠬᠢᠨ᠎ᠡ᠃ ᠨᠡᠭᠡᠭᠡᠯᠲᠡ ᠶᠢᠨ ᠲᠣᠭᠯᠠᠯᠲᠠ ᠥᠩᠭᠡᠷᠡᠭᠰᠡᠨ ᠵᠢᠯ ᠦᠨ ᠳᠡᠳ᠋ ᠠᠪᠤᠷᠭᠤ ᠨᠤᠭᠤᠳ ︽ᠬᠠᠰ ᠤᠨ ᠬᠦᠯᠦᠭ ᠦᠳ︾ ᠪᠠᠭ᠂ ᠡᠨᠡ ᠵᠢᠯ  ᠯᠢᠭ ᠲᠦ ᠰᠢᠨ᠎ᠡ ᠪᠡᠷ ᠡᠯᠰᠡᠨ ᠣᠷᠣᠵᠤ ᠪᠤᠢ ︽ᠡᠷᠳᠡᠨᠢᠲᠦ ᠶᠢᠨ ᠠᠭᠤᠷᠬᠠᠶᠢᠴᠢᠳ︾ ᠪᠠᠭ ᠤᠨ ᠬᠣᠭᠣᠷᠣᠨᠳᠣ ᠥᠷᠨᠢᠨ᠎ᠡ᠃ ᠯᠢᠭ ᠦᠨ ᠨᠡᠭᠡᠭᠡᠯᠲᠡ ᠶᠢᠨ ᠦᠶ᠎ᠡ ᠪᠡᠷ ᠰᠣᠨᠢᠷᠬᠠᠯ ᠲᠠᠲᠠᠬᠤᠶᠢᠴᠠ ᠵᠦᠢᠯ ᠪᠣᠯᠵᠤ ᠪᠠᠶᠢᠭ᠎ᠠ ᠨᠢ ᠰᠠᠭᠰᠤᠨ ᠪᠥᠮᠪᠥᠭᠡ ᠶᠢᠨ ᠣᠯᠠᠨ ᠤᠯᠤᠰ ᠤᠨ ᠮᠠᠰᠲ᠋ᠸᠷ ᠱ ∙ ᠰᠡᠳᠢᠪᠠᠽᠠᠷ ᠤᠨ ᠵᠣᠳᠣᠭ ᠲᠠᠶᠢᠯᠬᠤ ᠶᠣᠰᠣᠯᠠᠯ ᠪᠣᠯᠤᠨ ᠲᠡᠭᠦᠨ ᠦ 8 ᠳ᠋ᠤᠭᠠᠷ ᠢ ᠮᠥᠩᠬᠡᠯᠡᠬᠦ ᠠᠵᠢᠯᠯᠠᠭ᠎ᠠ ᠪᠣᠯᠤᠨ᠎ᠠ᠃ ᠲᠡᠷᠡᠪᠡᠷ ᠮᠣᠩᠭᠣᠯ ᠤᠨ ᠰᠠᠭᠰᠤᠨ ᠪᠥᠮᠪᠥᠭᠡ ᠶᠢᠨ ᠬᠦᠭᠵᠢᠯ ᠳᠦ 20 ᠭᠠᠷᠤᠢ ᠵᠢᠯ ᠵᠢᠳᠬᠦᠵᠦ᠂ Jakarta-2018 ᠠᠽᠢᠶ᠎ᠠ ᠶᠢᠨ ᠨᠠᠭᠠᠳᠤᠮ ᠳᠤ ᠮᠣᠩᠭᠣᠯ ᠤᠨ ᠰᠢᠭᠰᠢᠭᠡ ᠪᠠᠭ ᠢ ᠳᠠᠰᠬᠠᠯᠵᠢᠭᠤᠯᠵᠤ ᠪᠠᠶᠢᠭᠰᠠᠨ ᠪᠢᠯᠡ᠃
ᠨᠡᠭᠡᠭᠡᠯᠲᠡ ᠶᠢᠨ ᠡᠳᠦᠷ ᠦᠨ ᠰᠡᠭᠦᠯ ᠦᠨ ᠲᠣᠭᠯᠠᠯᠲᠠ ᠥᠩᠭᠡᠷᠡᠭᠰᠡᠨ ᠵᠢᠯ ᠦᠨ ᠠᠪᠤᠷᠭᠤ ᠨᠤᠭᠤᠳ ᠠᠯᠳᠠᠷ ᠲᠠᠨᠠᠨ ᠭᠠᠷᠤᠳᠢ ᠪᠠᠭ ᠪᠣᠯᠤᠨ ᠵᠠᠯᠠᠭᠤᠴᠤᠳ ᠢᠶᠠᠷ ᠡᠩᠨᠡᠭᠡ ᠪᠡᠨ ᠵᠤᠵᠠᠭᠠᠳᠬᠠᠭᠰᠠᠨ 23 ᠪᠠᠭ ᠤᠳ ᠤᠨ ᠬᠣᠭᠣᠷᠣᠨᠳᠣ ᠪᠣᠯᠵᠤ ᠥᠨᠳᠥᠷᠯᠡᠨ᠎ᠡ᠃

ᠰᠡᠳᠬᠢᠭᠳᠡᠯ ᠦᠯᠡᠳᠡᠭᠡᠬᠦ